ᠮᠢᠩᠭᠠᠨ ᠭᠠᠯᠪᠠ ᠶᠢᠨ ᠵᠢᠮ᠎ᠠ ᠶᠤᠰᠤᠨ ᠢ ᠮᠦᠷᠳᠡᠵᠤ | ᠪᠤᠭᠤᠷᠤᠯ ᠬᠤᠷᠸ᠎ᠠ ᠶᠢᠨ ᠲᠦᠷᠪᠡᠨ ᠤᠯᠠᠷᠢᠯ ᠡᠭᠡᠯᠵᠢᠯᠡᠮᠤᠢ | ᠮᠢᠨᠤ ᠨᠤᠳᠤᠭ ᠤᠨ ᠦᠩᠭᠡ ᠦᠵᠡᠮᠵᠢ ᠶᠢ ᠴᠢᠮᠡᠵᠤ | ᠪᠤᠳᠠᠷᠠᠭᠰᠠᠨ ᠴᠠᠰᠤᠨ ᠨᠠᠬᠢᠯᠵᠠᠨ ᠨᠤᠬᠢᠯᠵᠠᠨ ᠰᠡᠩᠰᠡᠷᠡᠮᠤᠢ | | ᠵᠢᠷᠭᠤᠭᠠᠨ ᠲᠠᠯᠠᠳᠤ ᠴᠠᠰᠤᠨ ᠯᠠᠪᠰᠠ ᠶᠢ ᠪᠠᠷᠠᠯᠠᠭᠰᠠᠭᠠᠷ | ᠵᠢᠪᠬᠤᠯᠠᠩᠳᠤ ᠭᠤᠸ᠎ᠠ ᠦᠵᠡᠮᠵᠢ ᠪᠠᠶᠢᠳᠠᠯ ᠳᠤᠷ ᠰᠤᠭᠳᠤᠭᠤᠷᠠᠪᠠᠢ | ᠵᠠᠭᠤ ᠦᠯᠦ ᠨᠠᠰᠤᠯᠠᠬᠤᠢ ᠡᠨᠡᠭᠡᠨ ᠪᠡᠶ᠎ᠡ ᠮᠢᠨᠤ | ᠵᠢᠷᠭᠠᠯ ᠵᠤᠪᠠᠯᠠᠩ ᠤᠨ ᠲᠦᠯᠦᠭᠡᠨ᠎ᠡ ᠤᠷᠤᠰᠢᠬᠤᠢ ᠶᠢ ᠤᠬᠠᠪᠠᠢ | | ᠴᠠᠰᠤ ᠮᠦᠰᠦ ᠰᠠᠯᠬᠢ ᠪᠤᠷᠤᠭᠠᠨ ᠭᠡᠮᠡᠭᠴᠢ | ᠲᠡᠭᠡᠳᠤ ᠲᠡᠭᠷᠢ ᠠᠴᠠ ᠪᠡᠯᠡᠭᠯᠡᠭᠰᠡᠨ ᠠᠳᠢᠰ ᠪᠤᠶᠤ | ᠴᠢᠮ᠎ᠠ ᠶᠢ ᠪᠠᠭ᠋ᠠᠷᠠᠵᠤ ᠨᠠᠶᠢᠷᠠᠭ ᠭᠡᠯᠬᠢᠮᠤᠢ ᠭᠡᠮᠡᠭᠴᠢ | ᠲᠡᠩᠳᠡᠬᠦᠦ ᠭᠡᠶᠢᠷᠭᠡᠵᠤ ᠰᠡᠳᠬᠢᠯ ᠢᠭᠳᠦᠯᠦᠭᠰᠡᠨ ᠤᠴᠢᠷ ᠡ |