ᠰᠢᠨ᠎ᠡ ᠣᠨ ᠤ ᠳᠥᠷᠥᠭᠡᠨ ᠳᠡᠭᠡᠷ᠎ᠡ
ᠨᠡᠶᠢᠲᠡᠯᠡᠭᠰᠡᠨ ᠴᠠᠭ᠄
2024/1/11
               ᠵᠣᠬᠢᠶᠠᠭᠴᠢ᠄ ᠰᠠ᠊ · ᠪᠤᠶᠠᠨᠳᠠᠯᠠᠢ ᠰᠢᠨ᠎ᠡ ᠣᠨ ᠤ ᠳᠥᠷᠥᠭᠡᠨ ᠳᠡᠭᠡᠷ᠎ᠡ ᠰᠦ ᠳᠤᠰᠤᠭᠠᠶ᠎ᠠ ᠬᠡᠶᠢᠮᠣᠷᠢ ᠮᠠᠨᠳᠤᠭᠤᠯᠤᠨ ᠬᠡᠰᠢᠭ ᠬᠤᠷᠦ᠋ᠢᠯᠠᠵᠤ ᠬᠥᠮᠥᠨ ᠠᠷᠠᠳ ᠲᠠᠭᠠᠨ ᠪᠣᠰᠤᠭ᠎ᠠ ᠶᠠᠪᠤᠬᠤ ᠶᠢᠨ ᠪᠤᠶᠠᠨ ᠬᠦᠰᠡᠶ᠎ᠡ   ᠰᠢᠨ᠎ᠡ ᠣᠨ ᠤ ᠳᠥᠷᠥᠭᠡᠨ ᠳᠡᠭᠡᠷ᠎ᠡ ᠵᠥᠩᠨᠡᠯ ᠮᠢᠯᠢᠶᠠᠶ᠎ᠠ ᠪᠡᠶ᠎ᠡ ᠡᠷᠡᠭᠦᠯ ᠤᠬᠠᠭᠠᠨ ᠰᠠᠷᠠᠭᠤᠯ ᠠᠵᠠ ᠵᠢᠷᠭᠠᠯ ᠪᠦᠭᠦᠨ ᠢ ᠠᠳᠠᠯᠢᠬᠠᠨ ᠡᠳ᠋ᠯᠡᠬᠦ ᠶᠢᠨ ᠬᠤᠪᠢ ᠳᠠᠭᠠᠳᠬᠠᠶ᠎ᠠ    ᠰᠢᠨ᠎ᠡ ᠣᠨ ᠤ ᠳᠥᠷᠥᠭᠡᠨ ᠳᠡᠭᠡᠷ᠎ᠡ ᠢᠷᠦᠭᠡᠯ ᠳᠡᠪᠰᠢᠭᠦᠯᠦᠶ᠎ᠡ ᠪᠤᠳᠣᠯ ᠬᠠᠲᠠᠭᠤ ᠦᠢᠯᠡᠰ ᠥᠭᠡᠳᠡᠯᠡᠬᠦ ᠬᠡᠦᠬᠡᠳ ᠪᠦᠭᠦᠨ ᠳᠡᠭᠡᠨ ᠬᠦᠷᠬᠦ ᠮᠠᠷᠭᠠᠰᠢ ᠶᠢᠨ ᠬᠢᠨᠢ ᠭᠢᠯᠪᠠᠭ᠎ᠠ ᠶᠢ ᠪᠡᠯᠡᠭᠯᠡᠶ᠎ᠡ   ᠰᠢᠨ᠎ᠡ ᠣᠨ ᠤ ᠳᠥᠷᠥᠭᠡᠨ ᠳᠡᠭᠡᠷ᠎ᠡ ᠰᠡᠳᠬᠢᠯ ᠢᠶᠠᠷ ᠨᠠᠮᠠᠨᠴᠢᠯᠠᠶ᠎ᠠ ᠴᠠᠰᠤ ᠴᠠᠭᠠᠨ ᠮᠥᠷ ᠭᠠᠷᠭᠠᠨ ᠬᠥᠮᠥᠨ ᠪᠠᠶᠢᠭᠠᠯᠢ ᠡᠶ᠎ᠡ ᠵᠣᠬᠢᠴᠠᠯᠳᠤᠵᠤ ᠨᠠᠰᠣᠨ ᠪᠤᠶᠠᠨᠲᠤ ᠨᠠᠷᠠᠯᠠᠭ ᠠᠮᠢᠳᠤᠷᠠᠬᠤ ᠳᠤ ᠰᠥᠬᠦᠷᠡᠶ᠎ᠡ   ᠰᠢᠨ᠎ᠡ ᠣᠨ ᠤ ᠳᠥᠷᠥᠭᠡᠨ ᠳᠡᠭᠡᠷ᠎ᠡ ᠡᠩᠬᠡ ᠲᠠᠶᠢᠪᠤᠩ ᠢ ᠤᠷᠢᠶ᠎ᠠ ᠳᠠᠷᠢ ᠶᠢᠨ ᠦᠨᠦᠷ ᠳᠠᠶᠢᠨ ᠤ ᠣᠳᠤᠭ᠎ᠠ ᠦᠭᠡᠢ ᠳᠠᠶᠢᠴᠢᠨ ᠨᠤᠲᠤᠭ ᠤᠨ ᠬᠥᠷᠥᠰᠥᠨ ᠳᠡᠭᠡᠷ᠎ᠡ ᠳᠠᠩᠳᠠ ᠡᠷᠬᠡ ᠳᠠᠷᠬᠠᠨ ᠪᠠᠶᠢᠬᠤ ᠶᠢ ᠬᠦᠰᠡᠶ᠎ᠡ  
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号