12 ᠳ᠋ᠤᠭᠡᠷ ᠰᠠᠷ᠎ᠠ ᠶᠢᠨ 31 ᠤ ᠤᠷᠤᠢ᠂ ︽ᠤᠮᠠᠷᠠᠲᠤ ᠬᠢᠯᠢ ᠶᠢᠨ ᠰᠣᠶᠣᠯ ᠰᠤᠶᠤᠯ ᠢ ᠳᠡᠭᠡᠳᠦᠯᠡᠬᠦ ᠢᠦᠶ | ᠴᠢᠤᠸᠠᠨ︾ — ᠢᠦᠶ ᠴᠢᠤᠸᠠᠨ ᠲᠣᠭᠤᠷᠢᠭ ᠤᠨ 2024 ᠣᠨ ᠤ ᠰᠢᠨ᠎ᠡ ᠵᠢᠯ ᠤᠨ ᠳᠠᠭᠤᠤ ᠬᠥᠭᠵᠢᠮ ᠤᠨ | ᠦᠳᠡᠰᠢᠯᠡᠭᠡ ᠳ᠋ᠠ ᠭᠤᠸᠠᠨ ᠶᠤᠸᠠᠨ ᠲᠢᠶᠠᠲᠷ ᠲᠤ ᠦᠪᠡᠳᠡᠭᠰᠢ ᠶᠡᠭᠡ ᠪᠠᠷ ᠶᠠᠪᠤᠭᠳᠠᠪᠠ᠃ ᠲᠤᠬᠠᠶ ᠶᠢᠨ ᠲᠠᠯᠠᠪᠠᠶ ᠳᠤ | ᠨᠡᠶᠢᠲᠡ 390 ᠬᠥᠮᠦᠨ ᠬᠠᠮᠲᠤ ᠪᠠᠷ ᠲᠣᠭᠯᠠᠯᠲᠠ ᠶᠢ ᠰᠤᠨᠢᠷᠬᠠᠵᠤ᠂ ᠢᠷᠠᠭᠤ ᠰᠠᠶᠢᠬᠠᠨ ᠬᠥᠭᠵᠢᠮ ᠤᠨ ᠠᠶᠠᠰ ᠤᠨ | ᠳᠤᠮᠳᠠ ᠰᠢᠨ᠎ᠡ ᠵᠢᠯ ᠤᠨ ᠬᠦᠷᠴᠦ ᠢᠷᠡᠭᠰᠡᠨ ᠢ ᠪᠡᠯᠭᠡᠯᠡᠪᠡ᠃ | | | | | ᠲᠤᠰ ᠡᠳᠦᠷ ᠤᠨ 20 ᠴᠠᠭ ᠲᠤ᠂ ᠳᠠᠭᠤᠤ ᠬᠥᠭᠵᠢᠮ ᠤᠨ ᠦᠳᠡᠰᠢᠯᠡᠭᠡ ᠨᠢ ᠥᠪᠥᠷ ᠮᠣᠩᠭᠤᠯ ᠤᠨ | ᠤᠷᠠᠯᠢᠭ ᠤᠨ ᠳᠡᠭᠡᠳᠦ ᠰᠤᠷᠭᠠᠭᠤᠯᠢ ᠶᠢᠨ ᠵᠠᠯᠠᠭᠤᠴᠤᠳ ᠤᠨ ᠮᠤᠷᠢᠨ ᠬᠤᠭᠤᠷ ᠤᠨ ᠬᠥᠭᠵᠢᠮ ᠤᠨ ᠪᠦᠯᠬᠦᠮ ᠤᠨ | ᠬᠥᠭᠵᠢᠮᠳᠡᠭᠰᠡᠨ ᠡᠬᠢᠯᠡᠯᠲᠡ ᠶᠢᠨ ᠠᠶᠠᠰ ᠲᠤ ᠬᠥᠰᠢᠭᠡ ᠪᠠᠨ ᠰᠡᠬᠦᠪᠡ᠃ | | | | | ᠳᠠᠭᠤᠤ ᠬᠥᠭᠵᠢᠮ ᠤᠨ ᠦᠳᠡᠰᠢᠯᠡᠭᠡ ᠳᠡᠭᠡᠷ᠎ᠡ᠂ ᠮᠤᠷᠢᠨ ᠬᠤᠭᠤᠷ ᠤᠨ ᠭᠤᠴᠣᠯᠠᠯ ᠬᠦᠭᠵᠢᠮ ︽ᠮᠠᠨᠳᠤᠬᠤ | ᠨᠠᠷᠠ︾ ᠶᠢ ᠬᠥᠭᠵᠢᠮᠳᠡᠵᠦ᠂ ᠲᠠᠯ᠎ᠠ ᠨᠤᠲᠤᠭ ᠤᠨ ᠬᠥᠮᠦᠰ ᠤᠨ ᠰᠠᠶᠢᠨ ᠰᠠᠶᠢᠬᠠᠨ ᠠᠮᠢᠳᠤᠷᠠᠯ ᠢ ᠬᠦᠰᠡᠨ ᠡᠷᠡᠮᠡᠯᠵᠡᠵᠦ | ᠪᠠᠶᠢᠬᠤ ᠨᠢ ᠶᠠᠭ ᠮᠠᠨᠳᠤᠬᠤ ᠨᠠᠷᠠ ᠶᠢ ᠬᠦᠰᠡᠨ ᠡᠷᠡᠮᠡᠯᠵᠡᠵᠦ ᠪᠠᠶᠢᠬᠤ ᠲᠠᠢ ᠠᠳᠠᠯᠢ ᠪᠠᠶᠢᠵᠤ᠂ ᠡᠩᠭᠡ ᠲᠠᠶᠢᠪᠤᠩ ᠪᠣᠯ | ᠳᠠᠷᠤᠢ ᠪᠢᠳᠡᠨ ᠤ ᠨᠠᠷᠠ ᠪᠣᠯᠬᠤ ᠶᠢ ᠪᠡᠯᠭᠡᠳᠡᠵᠦ᠂ ᠡᠭᠡ ᠤᠯᠤᠰ ᠤᠨ ᠢᠶᠠᠨ ᠬᠥᠭᠵᠢᠯ ᠴᠡᠴᠡᠭᠯᠡᠯ ᠢ ᠮᠠᠭᠲᠠᠨ | ᠳᠠᠭᠤᠯᠠᠵᠠᠢ᠃ | | | | | ᠨᠠᠶᠢᠷᠠᠯ ᠬᠥᠭᠵᠢᠮ ︽ᠾᠧ ᠶᠢᠩ ᠬᠤᠸᠠ︾ ᠨᠢ ᠬᠦᠭᠵᠢᠮᠴᠢᠳ ᠤᠨ ᠭᠤᠴᠣ ᠰᠠᠶᠢᠬᠠᠨ ᠬᠥᠭᠵᠢᠮᠳᠡᠬᠦ ᠤᠷ᠎ᠠ | ᠮᠡᠷᠭᠡᠵᠢᠯ ᠪᠠ ᠪᠠᠶᠠᠯᠢᠭ ᠬᠠᠶᠢᠷ᠎ᠠ ᠰᠡᠳᠬᠢᠯᠭᠡ ᠶᠢ ᠭᠦᠢᠴᠡᠳ ᠢᠯᠡᠷᠡᠭᠦᠯᠵᠦ᠂ ᠨᠠᠶᠢᠷ ᠬᠠᠮᠲᠤᠯᠢᠭ ᠤᠨ ︽ᠵᠠᠩᠭ᠎ᠠ︾᠂ | ︽ᠠᠳᠤᠭᠤᠴᠢᠨ ᠤ ᠳᠠᠭᠤᠤ︾᠂ ︽ᠠᠩᠬᠠᠨ ᠤ ᠴᠠᠰᠤ︾ ᠨᠢ ᠢᠷᠠᠭᠤ ᠡᠭᠡᠰᠢᠭ ᠢ ᠬᠠᠩᠭᠢᠨᠠᠭᠤᠯᠤᠨ᠂ ᠪᠥᠬᠦ | ᠦᠵᠡᠭᠴᠢᠳ ᠤᠨ ᠠᠮᠢᠵᠢᠷᠠᠯ ᠤᠨ ᠬᠦᠴᠦᠨ ᠪᠠ ᠣᠷᠭᠢᠯᠤᠮ᠎ᠠ ᠰᠡᠳᠬᠢᠯᠭᠡ ᠶᠢ ᠳᠠᠶᠢᠴᠢᠯᠠᠵᠤ᠂ ᠪᠠᠶᠠᠷ ᠳᠤᠷᠠᠰᠬᠠᠯ ᠤᠨ | ᠡᠳᠦᠷ ᠤᠨ ᠠᠭᠤᠷ ᠠᠮᠢᠰᠬᠤᠯ ᠢ ᠪᠣᠶ ᠪᠣᠯᠭᠠᠭᠰᠠᠨ ᠪᠠᠶᠢᠨ᠎ᠠ᠃ | | | | | ︽ᠬᠥᠳᠡᠭᠡ ᠲᠠᠯ᠎ᠠ ᠳᠤ ᠮᠥᠩᠬᠡ ᠶᠢᠨ ᠨᠠᠷᠠ ᠮᠠᠨᠳᠤᠯ᠎ᠠ︾ ᠶᠢᠨ ᠴᠤᠤᠷᠢᠶ᠎ᠠ ᠴᠤᠤᠷᠢᠶᠠᠲᠤᠵᠤ᠂ ᠠᠷᠠᠳ | ᠲᠦᠮᠡᠨ ᠤ ᠦᠵᠡᠰᠬᠦᠯᠡᠩᠲᠦ ᠰᠠᠶᠢᠬᠠᠨ ᠨᠤᠲᠤᠭ ᠤᠰᠤ ᠪᠠᠨ ᠮᠠᠭᠲᠠᠨ ᠳᠠᠭᠤᠯᠠᠬᠤ ᠪᠠ ᠣᠮᠣᠭᠰᠢᠬᠤ ᠶᠢ ᠭᠦᠢᠴᠡᠳ | ᠬᠠᠷᠠᠭᠤᠯᠵᠤ᠂ ᠥᠪᠥᠷ ᠮᠣᠩᠭᠤᠯ ᠤᠨ ᠠᠷᠠᠳ ᠲᠦᠮᠡᠨ ᠤ ᠡᠷᠡᠰ ᠬᠠᠲᠠᠭᠤ᠂ ᠡᠷᠡᠯᠬᠡᠭ ᠪᠠᠭᠠᠲᠤᠷᠯᠢᠭ᠂ ᠴᠠᠶᠢᠯᠭᠠᠨ | ᠰᠡᠳᠬᠢᠯ ᠲᠠᠢ᠂ ᠬᠠᠯᠠᠭᠤᠮᠰᠤᠭ ᠰᠡᠳᠬᠢᠯᠭᠡ ᠲᠠᠢ ᠤᠶᠤᠨ ᠰᠠᠨᠠᠭᠠᠨ ᠤ ᠳᠦᠷᠰᠦ ᠪᠠᠶᠢᠳᠠᠯ ᠢ ᠢᠯᠡᠳᠬᠡᠵᠦ᠂ ᠨᠠᠮ ᠢᠶᠠᠨ | ᠬᠦᠷᠢᠶᠡᠯᠡᠬᠦ ᠪᠠ ᠬᠠᠶᠢᠷᠠᠯᠠᠬᠤ ᠵᠢᠴᠢ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ ᠢ ᠢᠯᠡᠷᠡᠭᠦᠯᠪᠡ᠃ | ᠲᠤᠬᠠᠢ ᠶᠢᠨ ᠲᠠᠯᠠᠪᠠᠢ ᠶᠢᠨ ᠦᠵᠡᠭᠴᠢᠳ ᠤᠨ ᠳᠠᠭᠤᠨ ᠲᠠᠰᠤᠷᠠᠯᠳᠡ ᠦᠭᠡᠢ ᠴᠤᠤᠷᠢᠶᠠᠲᠤᠵᠤ᠂ ᠠᠯᠠᠭ᠎ᠠ | ᠲᠠᠰᠢᠯᠳᠠ ᠶᠢᠨ ᠲᠠᠭᠤᠨ ᠨᠢᠵᠢᠭᠢᠨᠡᠪᠡ᠃ | ᠪᠦᠬᠦ᠋ᠢᠯᠡ ᠲᠠᠯᠠᠪᠠᠢ ᠶᠢᠨ ᠳᠠᠭᠤᠤ ᠬᠥᠭᠵᠢᠮ ᠤᠨ ᠦᠳᠡᠰᠢᠯᠡᠭᠡ ᠨᠢ ᠬᠦᠭ ᠠᠶᠠᠰ ᠪᠢᠯᠬᠠᠮ᠎ᠠ᠂ ᠰᠡᠳᠬᠢᠯᠭᠡ | ᠪᠢᠯᠬᠠᠮ᠎ᠠ ᠪᠠᠶᠢᠵᠤ᠂ ᠣᠷᠭᠢᠯᠤᠮ᠎ᠠ ᠬᠠᠯᠠᠭᠤᠨ ᠢᠲᠡᠭᠡᠯ ᠵᠣᠷᠢᠭ ᠪᠠ ᠴᠤᠴᠠᠯᠲᠠ ᠦᠭᠡᠢ ᠤᠷᠤᠭᠰᠢᠯᠠᠬᠤ ᠰᠥᠰᠥ | ᠵᠣᠷᠢᠭ ᠢᠶᠠᠷ ᠰᠢᠯᠢᠳᠡᠭ ᠤᠯᠠᠮᠵᠢᠯᠠᠯᠲᠤ ᠰᠣᠶᠣᠯ ᠢ ᠪᠠᠳᠠᠷᠠᠭᠤᠯᠵᠤ᠂ ᠤᠮᠠᠷᠠᠲᠤ ᠬᠢᠯᠢ ᠶᠢᠨ ᠰᠣᠶᠣᠯ ᠤᠨ ᠣᠨᠴᠠᠯᠢᠭ ᠢ | ᠢᠯᠡᠷᠡᠭᠦᠯᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠤᠶᠤᠨ ᠰᠠᠨᠠᠭᠠᠨ ᠤ ᠭᠡᠷ ᠣᠷᠣᠨ ᠢ ᠴᠣᠭᠴᠠᠯᠠᠵᠤ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠵᠤ᠂ ᠪᠦᠬᠦ ᠲᠤᠭᠤᠷᠢᠭ ᠤᠨ | ᠠᠷᠠᠳ ᠲᠦᠮᠡᠨ ᠤ 2023 ᠣᠨ ᠤ ᠬᠠᠮᠤᠭ ᠰᠡᠭᠦᠯᠴᠢ ᠶᠢᠨ ᠡᠳᠦᠷ ᠲᠤ ᠬᠠᠭᠤᠴᠢᠨ ᠢ ᠦᠳᠡᠵᠦ ᠰᠢᠨ᠎ᠡ ᠶᠢ | ᠤᠭᠲᠤᠬᠤ ᠵᠥᠩᠨᠡᠯ ᠳᠡᠪᠰᠢᠭᠦᠯᠵᠡᠢ᠃ | | | | | ᠢᠷᠡᠯᠲᠡ᠄ ︽ᠠᠮᠢᠵᠢᠷᠠᠯ ᠪᠢᠯᠬᠠᠭᠰᠠᠨ ᠢᠦᠢ ᠴᠢᠤᠸᠠᠨ︾ ᠸᠢᠴᠠᠲ ᠤᠨ ᠨᠡᠶᠢᠲᠡ ᠶᠢᠨ ᠳ᠋ᠤᠭᠠᠷ | |