ᠢᠦᠶ ᠴᠢᠤᠸᠠᠨ ᠲᠣᠭᠤᠷᠢᠭ ᠰᠢᠨ᠎ᠡ ᠴᠠᠰᠤ ᠶᠢ ᠤᠭᠲᠤᠵᠤ ᠨᠠᠢᠮᠠᠨ ᠵᠣᠪᠬᠢᠰ ᠤᠨ ᠵᠢᠭᠤᠯᠴᠢᠯᠠᠭᠴᠢᠳ ᠢ ᠤᠭᠲᠤᠨ᠎ᠠ
ᠨᠡᠶᠢᠲᠡᠯᠡᠭᠰᠡᠨ ᠴᠠᠭ᠄
2024/1/22
     ᠣᠶᠢᠷ᠎ᠠ ᠳᠤ᠂ ᠬᠥᠬᠡᠬᠤᠲᠠ ᠳᠤ ᠪᠠᠰᠠ ᠨᠢᠭᠡ ᠡᠭᠡᠯᠵᠢ ᠶᠢᠨ ᠶᠡᠭᠡ ᠬᠡᠪᠴᠢᠶᠡᠨ ᠤ ᠴᠠᠰᠤ ᠣᠷᠣᠪᠠ᠃ ᠪᠤᠭᠤᠮᠲᠠ ᠶᠢᠨ ᠬᠠᠭᠤᠴᠢᠨ ᠵᠡᠭᠡᠯᠢ ᠶᠢᠨ ᠵᠢᠭᠤᠯᠴᠢᠯᠠᠯ ᠰᠡᠯᠡᠭᠦᠴᠡᠯ ᠤᠨ ᠵᠡᠭᠡᠯᠢ ᠶᠢᠨ ᠲᠣᠭᠤᠷᠢᠭ ᠨᠢᠭᠡᠨ ᠳᠠᠪᠬᠤᠷ ᠴᠠᠪ ᠴᠠᠭᠠᠨ ᠴᠠᠰᠤ ᠨᠥᠮᠥᠷᠴᠦ᠂ ᠤᠯᠠᠭᠠᠨ ᠬᠡᠷᠡᠮ᠂ ᠴᠠᠭᠠᠨ ᠴᠠᠰᠤ᠂ ᠠᠯᠲᠠᠨ ᠰᠢᠷᠭᠠᠯ ᠰᠢᠯ ᠸᠠᠭᠠᠷ ᠢᠶᠠᠷ ᠭᠤᠶᠢᠳᠠ ᠰᠠᠶᠢᠬᠠᠨ ᠦᠵᠡᠮᠵᠢ ᠶᠢᠨ ᠵᠢᠷᠤᠭ ᠢ ᠪᠦᠲᠦᠭᠡᠭᠰᠡᠨ ᠶᠤᠮ᠃
     ᠴᠠᠰᠤᠨ ᠯᠠᠪᠰᠠ ᠤᠷᠢᠬᠠᠨ ᠰᠠᠯᠬᠢᠨ ᠤ ᠳᠤᠮᠳᠠ ᠪᠥᠵᠢᠭᠯᠡᠵᠦ᠂ ᠬᠡᠷ ᠤᠨ ᠰᠠᠷᠠᠪᠴᠢ᠂ ᠴᠢᠯᠠᠭᠤᠨ ᠲᠣᠭᠤᠰᠬ᠎ᠠ ᠲᠠᠢ ᠬᠡᠷᠡᠯ ᠭᠢᠯᠪᠠᠭ᠎ᠠ ᠪᠠᠨ ᠰᠠᠴᠤᠷᠠᠭᠤᠯᠵᠤ᠂ ᠡᠪᠦᠯ ᠤᠨ ᠡᠳᠦᠷ ᠤᠨ ᠥᠪᠡᠷᠮᠢᠴᠡ ᠣᠨᠴᠠᠯᠢᠭ ᠲᠠᠢ ᠬᠥᠭ ᠠᠶᠠᠰ ᠢ ᠢᠯᠡᠷᠡᠭᠦᠯᠦᠨ᠎ᠡ᠃ ᠨᠡᠷᠡᠨ ᠤ ᠬᠡᠷᠡᠯ ᠡᠭᠦᠯᠡᠨ ᠳᠠᠪᠬᠤᠷᠭ᠎ᠠ ᠶᠢ ᠨᠡᠪᠲᠡᠯᠦᠨ᠂ ᠴᠠᠰᠤᠨ ᠳᠡᠭᠡᠷ᠎ᠡ ᠠᠰᠬᠠᠷᠠᠨ᠂ ᠭᠤᠶᠣ ᠰᠠᠶᠢᠬᠠᠨ ᠬᠡᠷᠡᠯ ᠰᠡᠭᠦᠳᠡᠷ ᠪᠣᠯᠵᠣ᠂ ᠡᠨᠡ ᠬᠦ ᠡᠷᠲᠡᠨ ᠤ ᠪᠠᠷᠢᠯᠭ᠎ᠠ ᠨᠤᠭᠤᠳ ᠲᠤ ᠭᠦᠨ ᠨᠢᠭᠤᠴᠠᠭᠠᠶ ᠪᠥᠭᠡᠳ ᠲᠥᠪ ᠶᠡᠬᠡᠮᠰᠦᠭ ᠥᠩᠭᠡ ᠪᠤᠳᠤᠭ ᠨᠡᠮᠡᠷᠢᠯᠡᠭᠰᠡᠨ ᠪᠠᠶᠢᠨ᠎ᠠ᠃
     ᠴᠠᠭᠠᠨ ᠴᠠᠰᠤᠨ ᠤ ᠲᠤᠰᠬᠠᠯ ᠢᠶᠠᠷ᠂ ᠪᠤᠭᠤᠮᠲᠠ ᠶᠢᠨ ᠬᠠᠭᠤᠴᠢᠨ ᠵᠡᠭᠡᠯᠢ ᠶᠢᠨ ᠵᠤᠭᠠᠴᠠᠯ ᠰᠡᠯᠡᠭᠦᠴᠡᠯ ᠤᠨ ᠵᠡᠭᠡᠯᠢ ᠶᠢᠨ ᠲᠣᠭᠤᠷᠢᠭ ᠨᠢ ᠨᠡᠩ ᠲᠥᠪ ᠶᠡᠬᠡᠮᠰᠦᠭ᠂ ᠢᠷᠠᠭᠤ ᠡᠷᠬᠢᠮᠰᠦᠭ ᠪᠣᠯᠵᠤ᠂ ᠲᠣᠭᠤᠰᠬ᠎ᠠ ᠸᠠᠭᠠᠷ ᠨᠢᠭᠡᠪᠦᠷᠢ ᠨᠢ ᠪᠦᠷ ᠥᠨᠢ ᠤᠳᠠᠭᠠᠨ ᠲᠡᠦᠬᠡ ᠶᠢ ᠲᠣᠭᠠᠴᠢᠨ ᠶᠠᠷᠢᠵᠤ ᠪᠠᠶᠢᠭ᠎ᠠ ᠮᠡᠲᠦ ᠬᠠᠷᠠᠭᠳᠠᠨ᠎ᠠ᠃ ᠦᠵᠡᠮᠵᠢ ᠶᠢᠨ ᠣᠷᠣᠨ ᠤ ᠨᠠᠷᠢᠨ ᠵᠥᠷᠢᠭ ᠵᠠᠮ ᠢᠶᠠᠷ ᠠᠯᠬᠤᠯᠠᠵᠤ᠂ ᠴᠠᠰᠤ ᠱᠠᠷᠴᠢᠭᠢᠨᠠᠬᠤ ᠲᠠᠭᠤᠨ ᠢ ᠴᠢᠩᠨᠠᠵᠤ᠂ ᠣᠨ ᠰᠠᠷ᠎ᠠ ᠶᠢᠨ ᠲᠣᠨᠣᠳᠠᠰᠤ ᠪᠠ ᠲᠡᠤᠬᠡ ᠶᠢᠨ ᠴᠤᠤᠷᠢᠶ᠎ᠠ ᠶᠢ ᠮᠡᠳᠡᠷᠡᠨ᠎ᠡ᠃
          ᠢᠷᠡᠯᠲᠡ᠄ ︽ᠠᠮᠢᠵᠢᠷᠠᠯ ᠪᠢᠯᠬᠠᠭᠰᠠᠨ ᠢᠦᠢ ᠴᠢᠤᠸᠠᠨ︾ ᠸᠢᠴᠠᠲ ᠤᠨ ᠨᠡᠶᠢᠲᠡ ᠶᠢᠨ ᠳ᠋ᠤᠭᠠᠷ    
 
ᠢᠷᠡᠯᠲᠡ᠄ ᠢᠦᠢ ᠴᠢᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号