ᠡᠪᠦᠯ ᠬᠠᠪᠤᠷ ᠤᠨ ᠤᠯᠠᠷᠢᠯ ᠳᠤ᠂ ᠬᠥᠳᠡᠭᠡ ᠨᠤᠲᠤᠭ ᠢᠶᠠᠷ ᠬᠥᠮᠥᠰ ᠳᠠᠩᠳᠠ ᠨᠡᠭᠦᠷᠡᠰᠦ ᠰᠢᠲᠠᠭᠠᠬᠤ ᠵᠤᠤᠬ᠎ᠠ᠂ | ᠰᠦᠯᠵᠢᠮᠡᠯ ᠭᠠᠯᠯᠠᠭ᠎ᠠ᠂ ᠨᠡᠭᠦᠷᠡᠰᠦᠨ ᠭᠠᠯ ᠤᠨ ᠬᠤᠪᠣᠩ ᠵᠡᠷᠭᠡ ᠶᠠᠩᠵᠤ ᠪᠦᠷᠢ ᠶᠢᠨ ᠠᠷᠭ᠎ᠠ ᠭᠡᠯᠪᠡᠷᠢ ᠪᠠᠷ ᠬᠠᠬᠢᠷ | ᠬᠦᠢᠲᠡᠨ ᠢ ᠠᠷᠭᠠᠴᠠᠭᠠᠨ ᠥᠩᠭᠡᠷᠡᠭᠦᠯᠳᠡᠭ᠃ ᠨᠡᠭᠦᠷᠡᠰᠦᠨ ᠭᠠᠯ ᠤᠨ ᠬᠤᠪᠣᠩ ᠢ ᠣᠯᠠᠩᠬᠢ ᠳᠠᠭᠠᠨ ᠡᠮᠦᠨ᠎ᠡ | ᠣᠷᠣᠨ ᠤ ᠵᠠᠷᠢᠮ ᠭᠠᠵᠠᠷ ᠲᠤ ᠬᠡᠷᠡᠭᠯᠡᠳᠡᠭ᠂ ᠲᠠᠷᠠ ᠨᠢ ᠬᠥᠮᠥᠰ ᠢ ᠭᠢᠯᠪᠠᠷᠬᠠᠨ ᠢᠶᠠᠷ ᠨᠡᠭᠦᠷᠠᠰᠦᠳᠦ᠋ᠷᠦᠭᠴᠢ ᠶᠢᠨ ᠲᠠᠩ | ᠢᠰᠦᠯ ︵ᠡᠩ ᠤᠨ ᠳᠠᠭᠤᠳᠠᠯᠭ᠎ᠠ ᠨᠢ ᠨᠡᠭᠦᠷᠡᠰᠦᠨ ᠬᠡᠢ ᠭᠡᠳᠡᠭ︶ ᠳᠤ ᠬᠤᠣᠷᠳᠠᠭᠤᠯᠳᠠᠭ᠃ ᠥᠭᠡᠷ᠎ᠡ ᠠᠷᠭ᠎ᠠ ᠪᠠᠷ | ᠳᠤᠯᠠᠭᠠᠯᠠᠭ᠎ᠠ ᠬᠢᠭᠰᠡᠨ ᠴᠤ ᠬᠡᠷᠪᠡ ᠭᠡᠷ ᠦᠷᠤᠭᠡ ᠶᠢᠨ ᠰᠠᠯᠬᠢ ᠵᠢᠪᠠᠷ ᠨᠡᠪᠲᠡᠷᠡᠬᠦ ᠨᠢ ᠠᠨᠠᠢ ᠪᠣᠯ ᠮᠥᠨ ᠯᠠ | ᠨᠡᠭᠦᠷᠡᠰᠦᠨ ᠬᠡᠢ ᠳᠤ ᠬᠤᠣᠷᠳᠠᠭᠳᠠᠬᠤ ᠪᠣᠯᠣᠮᠵᠢ ᠲᠠᠢ᠃ ᠨᠡᠭᠦᠷᠡᠰᠦᠨ ᠬᠡᠢ ᠠᠴᠠ ᠪᠣᠯᠵᠤ ᠬᠥᠮᠥᠨ ᠦᠬᠦᠵᠦ | ᠰᠦᠢᠳᠦᠭᠰᠡᠨ ᠬᠡᠷᠡᠭ ᠡᠯ᠎ᠡ ᠭᠠᠵᠠᠷ ᠲᠤ ᠵᠢᠯ ᠪᠦᠷᠢ ᠭᠠᠷᠤᠭᠰᠠᠭᠠᠷ ᠪᠠᠶᠢᠳᠠᠭ᠃ ᠲᠠᠶᠢᠮᠤ ᠪᠣᠯᠬᠤᠷ ᠨᠡᠭᠦᠷᠡᠰᠦᠨ | ᠬᠡᠢ ᠳᠤ ᠬᠤᠣᠷᠳᠠᠭᠳᠠᠬᠤ ᠶᠢ ᠰᠡᠷᠭᠡᠶᠢᠯᠡᠬᠦ ᠨᠢ ᠠᠶᠢᠯ ᠪᠣᠯᠭᠠᠨ ᠤ ᠬᠥᠮᠥᠨ ᠪᠦᠷᠢ ᠶᠢᠨ ᠠᠩᠬᠠᠷᠤᠯ ᠳᠠᠭᠠᠨ ᠠᠪᠬᠤ | ᠵᠦᠢᠯ ᠪᠣᠯᠤᠭᠰᠠᠨ ᠪᠠᠶᠢᠳᠠᠭ᠃ | ᠨᠡᠭᠦᠷᠠᠰᠦᠳᠦ᠋ᠷᠦᠭᠴᠢ ᠶᠢᠨ ᠲᠠᠩ ᠢᠰᠦᠯ ᠪᠣᠯ ᠨᠡᠭᠦᠷᠡᠰᠦ᠂ ᠮᠣᠳᠣᠨ ᠨᠡᠭᠦᠷᠡᠰᠦ ᠵᠡᠷᠭᠡ ᠵᠦᠢᠯᠡᠰ | ᠪᠦᠷᠢᠮᠦᠰᠦᠨ ᠰᠢᠳᠠᠵᠤ ᠪᠠᠷᠠᠭᠠᠳᠤᠢ ᠦᠶᠡᠰ ᠭᠠᠷᠴᠤ ᠢᠷᠡᠳᠡᠭ ᠬᠡᠢ ᠪᠡᠶᠡᠲᠦ ᠮᠥᠨ᠂ ᠡᠶᠢᠮᠦ ᠬᠡᠢ ᠪᠡᠶᠡᠲᠦ ᠨᠢ | ᠦᠨᠦᠷᠲᠦᠭᠳᠡᠬᠦ ᠦᠭᠡᠢ᠂ ᠦᠵᠡᠭᠳᠡᠬᠦ ᠦᠭᠡᠢ ᠵᠦᠢᠯ ᠪᠣᠯᠬᠤᠷ ᠬᠥᠮᠥᠨ ᠳᠤ ᠲᠠᠶᠢᠮᠤ ᠭᠢᠯᠪᠠᠷᠬᠠᠨ ᠰᠡᠷᠡᠭᠳᠡᠵᠦ | ᠮᠡᠳᠡᠭᠳᠡᠳᠡᠭ ᠦᠭᠡᠢ ︵ᠬᠡᠷᠡᠭᠯᠡᠬᠦ ᠳᠤ ᠠᠮᠤᠷ ᠲᠦᠪᠰᠢᠨ ᠪᠠᠶᠢᠯᠭᠠᠬᠤ ᠶᠢᠨ ᠲᠤᠰᠠᠳᠠ ᠨᠡᠭᠦᠷᠡᠰᠦᠨ ᠬᠡᠢ ᠬᠠᠩᠭᠠᠨ | ᠦᠭᠳᠡᠭ ᠠᠵᠤ ᠠᠬᠤᠶᠢᠯᠠᠯ ᠤᠨ ᠬᠢᠨ ᠦᠮᠡᠬᠡᠢ ᠦᠨᠦᠷ ᠲᠠᠢ ᠳᠥᠷᠪᠡᠳᠡᠭᠴᠢ ᠤᠰᠤᠲᠥ᠋ᠷᠥᠭᠴᠢᠲᠤ ᠲᠢᠤᠹᠧᠨ ᠢ | ᠨᠡᠭᠦᠷᠡᠰᠦᠨ ᠬᠡᠢ ᠳᠤ ᠬᠤᠯᠢᠨ ᠣᠷᠣᠭᠤᠯᠵᠤ᠂ ᠨᠡᠭᠦᠷᠡᠰᠦᠨ ᠬᠡᠢ ᠯᠡᠪᠡᠷᠡᠨ ᠭᠠᠷᠤᠮᠠᠭᠴᠠ ᠬᠥᠮᠥᠰ ᠦᠨᠦᠷ ᠢᠶᠠᠷ ᠨᠢ | ᠮᠡᠳᠡᠴᠢᠬᠡᠬᠦ ᠳᠤ ᠲᠦᠭᠦᠮ ᠪᠣᠯᠭᠠᠵᠠᠢ︶᠃ ᠬᠥᠮᠥᠨ ᠤ ᠪᠡᠶ᠎ᠡ ᠳᠤ ᠶᠡᠭᠡ ᠬᠡᠮᠵᠢᠶᠡᠨ ᠤ ᠨᠡᠭᠦᠷᠠᠰᠦᠳᠦ᠋ᠷᠦᠭᠴᠢ ᠶᠢᠨ | ᠲᠠᠩ ᠢᠰᠦᠯ ᠰᠣᠷᠣᠭᠳᠠᠨ ᠣᠷᠣᠪᠠᠯ ᠨᠡᠬᠡᠳᠡᠰᠦ ᠬᠦᠴᠢᠯᠲᠥ᠋ᠷᠥᠭᠴᠢ ᠳᠤᠲᠠᠭᠳᠠᠬᠤ ᠪᠣᠯᠣᠨ᠎ᠠ᠃ ᠣᠬᠤᠷ | ᠬᠤᠭᠤᠴᠠᠭᠠᠨ ᠤ ᠳᠣᠲᠣᠷ᠎ᠠ ᠥᠨᠳᠥᠷ ᠥᠳᠬᠡᠴᠡ ᠲᠠᠢ ᠨᠡᠭᠦᠷᠠᠰᠦᠳᠦ᠋ᠷᠦᠭᠴᠢ ᠶᠢᠨ ᠲᠠᠩ ᠢᠰᠦᠯ ᠢ ᠭᠡᠳᠤ | ᠠᠮᠢᠰᠬᠤᠪᠠᠯ ᠠᠮᠢᠰᠬᠤᠭ᠎ᠠ ᠲᠠᠰᠤᠷᠠᠵᠦ ᠲᠠᠷᠠ ᠳᠣᠣᠷ᠎ᠠ ᠪᠠᠨ ᠦᠬᠦᠬᠦ ᠪᠣᠯᠣᠨ᠎ᠠ᠃ | ᠡᠪᠦᠯ ᠤᠨ ᠳᠤᠯᠠᠭᠠᠯᠠᠭ᠎ᠠ ᠶᠢᠨ ᠬᠤᠭᠤᠴᠠᠭᠠᠨ ᠳᠤ ᠦᠳᠡᠰᠢ ᠣᠷᠣᠢ ᠪᠣᠯᠵᠤ ᠤᠨᠲᠠᠬᠤ ᠦᠶᠡᠰ ᠲᠡᠭᠡᠨ | ᠬᠥᠮᠥᠰ ᠵᠤᠤᠬ᠎ᠠ ᠶᠢᠨ ᠭᠠᠯ ᠢᠶᠠᠨ ᠮᠠᠨᠠᠵᠤ ᠲᠠᠯᠪᠢᠳᠠᠭ ᠨᠢ ᠵᠤᠤᠬ᠎ᠠ ᠶᠢᠨ ᠭᠠᠯ ᠢ ᠤᠳᠠᠭᠠᠪᠲᠤᠷ ᠰᠢᠲᠠᠭᠠᠬᠤ ᠶᠢᠨ | ᠲᠥᠯᠥᠭᠡ ᠪᠢᠯᠡ᠂ ᠢᠩᠭᠢᠪᠡᠯ ᠵᠤᠤᠬ᠎ᠠ ᠶᠢᠨ ᠭᠠᠯ ᠭᠦᠢᠴᠡᠳ ᠰᠢᠳᠠᠵᠤ ᠲᠡᠶᠢᠯᠭᠦ ᠦᠭᠡᠢ ᠠᠴᠠ ᠪᠣᠯᠵᠤ᠂ | ᠨᠡᠭᠦᠷᠠᠰᠦᠳᠦ᠋ᠷᠦᠭᠴᠢ ᠶᠢᠨ ᠲᠠᠩ ᠢᠰᠦᠯ ᠡᠭᠦᠰᠳᠡᠭ᠃ ᠡᠨᠡ ᠦᠶ᠎ᠡ ᠳᠤ ᠬᠡᠷᠪᠡ ᠭᠡᠷ ᠦᠷᠤᠭᠡ ᠶᠢᠨ ᠳᠣᠲᠣᠷᠠᠬᠢ | ᠰᠠᠯᠬᠢ ᠵᠢᠪᠠᠷ ᠨᠡᠪᠲᠡᠷᠡᠬᠦ ᠨᠢ ᠠᠨᠠᠢ ᠪᠠᠶᠢᠵᠤ᠂ ᠤᠳᠤᠭ᠎ᠠ ᠭᠠᠷᠭᠠᠬᠤ ᠳᠤᠨᠤᠭ ᠲᠥᠬᠦᠭᠡᠷᠦᠮᠵᠢ ᠦᠭᠡᠢ ᠪᠤᠶᠤ | ᠶᠠᠨᠳᠤᠩ ᠨᠢ ᠴᠤᠭᠤᠷᠠᠵᠤ ᠬᠡᠢ ᠠᠯᠳᠠᠭᠰᠠᠨ ᠪᠠᠶᠢᠪᠠᠯ᠂ ᠨᠡᠭᠦᠷᠠᠰᠦᠳᠦ᠋ᠷᠦᠭᠴᠢ ᠶᠢᠨ ᠲᠠᠩ ᠢᠰᠦᠯ ᠵᠤᠤᠬᠠᠨ ᠠᠴᠠ | ᠭᠠᠷᠴᠤ᠂ ᠭᠡᠷ ᠳᠣᠲᠣᠷᠠᠬᠢ ᠬᠥᠮᠥᠰ ᠢ ᠬᠤᠣᠷᠳᠠᠭᠤᠯᠵᠤ ᠮᠡᠳᠡᠨ᠎ᠠ᠃ ᠡᠶᠢᠮᠦ ᠠᠴᠠ ᠦᠳᠡᠰᠢ ᠣᠷᠣᠢ ᠭᠠᠯ ᠢᠶᠠᠨ | ᠮᠠᠨᠠᠵᠤ ᠲᠠᠯᠪᠢᠬᠤ ᠳᠠᠭᠠᠨ ᠤᠳᠤᠭ᠎ᠠ ᠭᠠᠷᠬᠤ ᠬᠤᠭᠤᠯᠠᠢ ᠶᠢ ᠪᠥᠭᠯᠡᠷᠡᠭᠦᠯᠵᠦ ᠪᠤᠯᠬᠤ ᠦᠭᠡᠢ᠃ ᠡᠭᠦᠨ ᠤ ᠵᠡᠷᠭᠡ ᠳᠤ | ᠪᠠᠰᠠ ᠵᠤᠤᠬᠠᠨ ᠳᠠᠭᠠᠨ ᠶᠠᠨᠳᠤᠩ ᠲᠠᠭᠠᠷᠠᠭᠤᠯᠵᠤ᠂ ᠶᠠᠨᠳᠤᠩ ᠴᠤᠭᠤᠷᠠᠵᠤ ᠬᠡᠢ ᠠᠯᠳᠠᠵᠤ ᠪᠠᠶᠢᠬᠤ ᠡᠰᠡᠬᠦ ᠶᠢ | ᠦᠷᠭᠦᠯᠵᠢ ᠪᠠᠶᠢᠴᠠᠭᠠᠨ ᠦᠵᠡᠵᠦ ᠪᠠᠶᠢᠬᠤ ᠬᠡᠷᠡᠭᠲᠡᠢ᠃ ᠨᠡᠭᠦᠷᠡᠰᠦ ᠰᠢᠲᠠᠭᠠᠵᠤ ᠳᠤᠯᠠᠭᠠᠯᠠᠳᠠᠭ ᠭᠡᠷ ᠦᠷᠤᠭᠡ ᠳᠤ | ᠵᠠᠪᠠᠯ ᠰᠠᠯᠬᠢᠪᠴᠢ ᠪᠤᠶᠤ ᠬᠡᠢ ᠭᠠᠷᠭᠠᠬᠤ ᠰᠡᠩᠰᠡ ᠤᠭᠰᠠᠷᠠᠭᠤᠯᠵᠤ ᠲᠠᠭᠠᠷᠠᠭᠤᠯᠬᠤ ᠬᠡᠷᠡᠭᠲᠡᠢ᠃ ᠶᠠᠨᠳᠤᠩ ᠢᠶᠠᠨ | ᠬᠠᠮᠤᠭ ᠤᠨ ᠪᠠᠭ᠎ᠠ ᠳᠠᠭᠠᠨ ᠬᠤᠶᠠᠷ ᠭᠠᠷᠠᠭ ᠪᠣᠯᠪᠠᠯ ᠨᠢᠭᠡ ᠤᠳᠠᠭ᠎ᠠ ᠭᠦᠪᠢᠨ ᠴᠡᠪᠡᠷᠯᠡᠵᠦ᠂ ᠤᠳᠤᠭ᠎ᠠ ᠭᠠᠷᠬᠤ ᠵᠠᠮ ᠢ | ᠰᠠᠭᠠᠳ ᠦᠭᠡᠢ ᠪᠠᠶᠢᠯᠭᠠᠬᠤ ᠬᠡᠷᠡᠭᠲᠡᠢ᠃ | ᠤᠳᠤ ᠦᠶ᠎ᠡ ᠶᠢᠨ ᠭᠡᠷ ᠪᠦᠯᠢ ᠶᠢᠨ ᠬᠢᠨ ᠨᠡᠶᠢᠳᠡᠮ ᠳᠡᠭᠡᠨ ᠰᠢᠩᠭᠡᠵᠢᠭᠦᠯᠦᠭᠰᠡᠨ ᠴᠢᠯᠠᠭᠤᠨ ᠳᠤᠰᠤᠨ ᠤ | ᠰᠢᠲᠠᠮᠠᠬᠠᠢ ᠬᠡᠢ ᠪᠠ ᠪᠠᠶᠢᠭᠠᠯᠢ ᠶᠢᠨ ᠰᠢᠲᠠᠮᠠᠬᠠᠢ ᠬᠡᠢ ᠵᠡᠷᠭᠡ ᠬᠡᠢ ᠪᠡᠶᠡᠲᠦ ᠲᠦᠯᠡᠰᠢ ᠪᠠᠷ ᠬᠤᠭᠤᠯᠠ ᠪᠠᠵᠠᠭᠠᠵᠤ᠂ | ᠪᠡᠶ᠎ᠡ ᠤᠬᠢᠶᠠᠬᠤ ᠵᠡᠷᠭᠡ ᠤᠰᠤ ᠪᠠᠨ ᠬᠠᠯᠠᠭᠠᠬᠤ ᠪᠣᠯᠵᠠᠢ᠂ ᠡᠳᠡᠭᠡᠷ ᠬᠡᠢ ᠪᠡᠶᠡᠲᠦ ᠨᠢ ᠬᠢᠴᠢᠶᠡᠬᠦ ᠦᠭᠡᠢ ᠪᠣᠯ ᠯᠡᠪᠡᠷᠡᠨ | ᠭᠠᠷᠴᠤ ᠬᠤᠣᠷᠳᠠᠯ ᠡᠭᠦᠰᠬᠡᠵᠦ ᠮᠡᠳᠡᠨ᠎ᠠ᠃ | ᠨᠡᠭᠦᠷᠡᠰᠦ ᠰᠢᠲᠠᠭᠠᠵᠤ ᠳᠤᠯᠠᠭᠠᠯᠠᠭ᠎ᠠ ᠬᠢᠬᠦ ᠪᠠ ᠰᠢᠲᠠᠮᠠᠬᠠᠢ ᠬᠡᠢ ᠵᠠᠷᠤᠬᠤ ᠳᠠᠭᠠᠨ ᠳᠣᠣᠷᠠᠬᠢ ᠬᠡᠳᠦᠨ ᠵᠦᠢᠯ ᠢ | ᠠᠩᠬᠠᠷᠪᠠᠯ ᠵᠣᠬᠢᠨ᠎ᠠ᠄ ᠨᠢᠭᠡ ᠳᠤ᠂ ᠲᠣᠭᠤᠭ᠎ᠠ ᠲᠤᠯᠭ᠎ᠠ ᠪᠠ ᠰᠢᠲᠠᠮᠠᠬᠠᠢ ᠬᠡᠢ ᠶᠢᠨ ᠡᠬᠢ ᠰᠤᠷᠪᠤᠯᠵᠢ ᠪᠠᠨ ᠢᠵᠢ | ᠲᠦᠭᠦᠷᠵᠢᠭᠦᠯᠭᠦ ᠬᠡᠷᠡᠭᠲᠡᠢ᠃ ᠲᠤᠬᠠᠶᠢᠯᠠᠪᠠᠯ ᠨᠡᠭᠦᠷᠡᠰᠦᠨ ᠬᠡᠢ ᠬᠡᠷᠡᠭᠯᠡᠬᠦ ᠭᠡᠵᠦ ᠪᠠᠶᠢᠭᠠᠳ ᠪᠠᠶᠢᠭᠠᠯᠢ ᠶᠢᠨ ᠰᠢᠲᠠᠮᠠᠬᠠᠢ | ᠬᠡᠢ ᠪᠤᠶᠤ ᠰᠢᠩᠭᠡᠵᠢᠮᠡᠯ ᠬᠡᠢ ᠶᠢᠨ ᠲᠣᠭᠤᠭ᠎ᠠ ᠲᠤᠯᠭ᠎ᠠ ᠤᠭᠰᠠᠷᠠᠨ ᠲᠠᠭᠠᠷᠠᠭᠤᠯᠵᠤ ᠪᠤᠯᠬᠤ ᠦᠭᠡᠢ᠃ ᠬᠤᠶᠠᠷ ᠲᠤ᠂ | ᠰᠢᠲᠠᠮᠠᠬᠠᠢ ᠬᠡᠢ ᠬᠡᠷᠡᠭᠯᠡᠬᠦ ᠦᠶ᠎ᠡ ᠳᠡᠭᠡᠨ ᠰᠠᠯᠬᠢ ᠨᠠᠪᠲᠠᠷᠡᠭᠦᠯᠵᠦ ᠠᠭᠠᠷ ᠰᠣᠯᠢᠵᠤ ᠪᠠᠶᠢᠬᠤ ᠬᠡᠷᠡᠭᠲᠡᠢ᠂ ᠬᠡᠷᠡᠭᠯᠡᠬᠦ | ᠦᠭᠡᠢ ᠦᠶ᠎ᠡ ᠳᠡᠭᠡᠨ ᠰᠢᠲᠠᠮᠠᠬᠠᠢ ᠬᠡᠢ ᠶᠢᠨ ᠳᠤᠨᠤᠭ ᠬᠡᠷᠡᠭᠰᠡᠯ ᠤᠨ ᠨᠡᠭᠡᠭᠡᠯᠭᠡ ᠶᠢ ᠬᠠᠭᠠᠵᠤ ᠲᠠᠯᠪᠢᠬᠤ ᠬᠡᠷᠡᠭᠲᠡᠢ᠃ | ᠭᠤᠷᠪᠠ ᠳᠤ᠂ ᠨᠡᠭᠦᠷᠡᠰᠦᠨ ᠬᠡᠢ ᠶᠢᠨ ᠢᠶᠠᠨ ᠨᠡᠭᠡᠭᠡᠯᠭᠡ ᠪᠠ ᠵᠥᠭᠡᠯᠡᠨ ᠭᠤᠤᠷᠰᠤ ᠵᠠᠯᠭᠠᠵᠤ ᠪᠠᠶᠢᠬᠤ | ᠵᠠᠯᠭᠠᠭᠠᠳᠠᠰᠤ ᠠᠴᠠ ᠬᠡᠢ ᠯᠡᠪᠡᠷᠡᠨ ᠭᠠᠷᠴᠤ ᠪᠠᠶᠢᠬᠤ ᠡᠰᠡᠬᠦ᠂ ᠲᠣᠭᠤᠭᠠᠨ ᠭᠡᠷ ᠲᠤ ᠨᠡᠭᠦᠷᠡᠰᠦᠨ ᠬᠡᠢ ᠯᠡᠪᠡᠷᠡᠨ | ᠭᠠᠷᠴᠤ ᠤᠨᠴᠠᠭᠠᠢ ᠰᠣᠨᠢᠨ ᠦᠨᠦᠷ ᠦᠨᠦᠷᠲᠦᠭᠳᠡᠵᠦ ᠪᠠᠶᠢᠬᠤ ᠡᠰᠡᠬᠦ ᠶᠢ ᠦᠷᠭᠦᠯᠵᠢ ᠪᠠᠶᠢᠴᠠᠭᠠᠨ ᠦᠵᠡᠵᠦ ᠪᠠᠶᠢᠬᠤ | ᠬᠡᠷᠡᠭᠲᠡᠢ᠃ ᠬᠡᠷᠪᠡ ᠬᠡᠢ ᠯᠡᠪᠡᠷᠡᠨ ᠭᠠᠷᠴᠤ ᠪᠠᠶᠢᠬᠤ ᠮᠠᠭᠠᠳ ᠦᠭᠡᠢ ᠭᠡᠵᠦ ᠰᠡᠵᠢᠭ ᠲᠦᠷᠤᠪᠡᠯ᠂ ᠰᠠᠪᠤᠩ ᠲᠠᠢ | ᠤᠰᠤ ᠠᠪᠴᠢᠷᠠᠵᠤ ᠰᠡᠵᠢᠭᠯᠡᠵᠦ ᠪᠠᠶᠢᠭ᠎ᠠ ᠭᠠᠵᠠᠷ ᠲᠤ ᠲᠦᠷᠬᠢᠵᠦ ᠪᠠᠶᠢᠴᠠᠭᠠᠨ ᠦᠵᠡᠭᠡᠷᠡᠢ᠂ ᠪᠠᠶᠢᠴᠠᠭᠠᠵᠤ ᠪᠠᠶᠢᠭ᠎ᠠ | ᠭᠠᠵᠠᠷ ᠴᠢᠨᠢ ᠰᠠᠪᠤᠩ ᠤᠨ ᠭᠦᠭᠡᠰᠤ ᠦᠯᠢᠶᠡᠭᠳᠡᠨ ᠭᠠᠷᠴᠤ ᠪᠠᠶᠢᠪᠠᠯ ᠲᠠᠷᠠ ᠨᠢ ᠬᠡᠢ ᠯᠡᠪᠡᠷᠡᠵᠦ ᠪᠠᠶᠢᠬᠤ ᠶᠢᠨ ᠲᠡᠮᠳᠡᠭ | ᠮᠥᠨ᠃ ᠭᠠᠯ ᠨᠣᠴᠣᠭᠠᠵᠤ ᠰᠢᠯᠭᠠᠬᠤ ᠠᠷᠭ᠎ᠠ ᠪᠠᠷ ᠬᠡᠢ ᠯᠡᠪᠡᠷᠡᠵᠦ ᠪᠠᠶᠢᠬᠤ ᠡᠰᠡᠬᠦ ᠶᠢ ᠪᠠᠶᠢᠴᠠᠭᠠᠨ ᠦᠵᠡᠵᠦ | ᠶᠠᠭᠠᠬᠢᠭᠰᠠᠨ ᠴᠤ ᠪᠤᠯᠬᠤ ᠦᠭᠡᠢ᠂ ᠢᠩᠭᠢᠬᠦ ᠳᠤ ᠭᠦᠷᠪᠡᠯ ᠠᠭᠠᠷ ᠲᠤ ᠯᠡᠪᠡᠷᠡᠨ ᠲᠠᠷᠬᠠᠭᠰᠠᠨ ᠨᠡᠭᠦᠷᠡᠰᠦᠨ ᠬᠡᠢ | ᠭᠠᠯ ᠲᠠᠢ ᠵᠣᠯᠭᠠᠵᠤ ᠳᠡᠯᠪᠡᠷᠡᠯᠲᠡ ᠡᠭᠦᠰᠬᠦ ᠠᠶᠤᠯᠲᠠᠢ᠃ ᠬᠡᠢ ᠯᠡᠪᠡᠷᠡᠵᠦ ᠪᠠᠶᠢᠬᠤ ᠶᠢ ᠮᠡᠳᠡᠮᠡᠭᠴᠡ ᠰᠢᠲᠠᠮᠠᠬᠠᠢ | ᠬᠡᠢ ᠶᠢᠨ ᠳᠤᠨᠤᠭ ᠲᠥᠬᠦᠭᠡᠷᠦᠮᠵᠢ ᠶᠢᠨ ᠨᠡᠭᠡᠭᠡᠯᠭᠡ ᠶᠢ ᠬᠠᠭᠠᠵᠤ᠂ ᠴᠣᠩᠬᠤ ᠪᠠᠨ ᠨᠡᠭᠡᠭᠡᠨ ᠰᠠᠯᠬᠢ ᠨᠡᠪᠲᠡᠷᠡᠭᠦᠯᠬᠦ | ᠬᠡᠷᠡᠭᠲᠡᠢ᠃ ᠳᠠᠭᠠᠤ ᠳᠤᠨᠢ ᠪᠠᠰᠠ ᠲᠤᠰᠬᠠᠢ ᠮᠡᠷᠭᠡᠵᠢᠯ ᠲᠠᠢ ᠰᠢᠲᠠᠮᠠᠬᠠᠢ ᠬᠡᠢ ᠶᠢᠨ ᠺᠤᠮᠫᠠᠨᠢ ᠶᠢᠨ ᠬᠢᠨ ᠢ ᠳᠠᠭᠤᠳᠠᠨ | ᠰᠡᠯᠪᠢᠨ ᠵᠠᠰᠠᠭᠤᠯᠵᠤ᠂ ᠲᠠᠯᠳᠠ ᠭᠡᠮ ᠢ ᠳᠠᠷᠦ᠋ᠢᠬᠠᠨ ᠠᠷᠢᠯᠭᠠᠬᠤ ᠬᠡᠷᠡᠭᠲᠡᠢ᠃ ᠳᠥᠷᠪᠡ ᠳᠤ᠂ ᠡᠯᠧᠺᠲᠷᠣᠨ | ᠨᠡᠭᠡᠭᠡᠯᠭᠡ ᠲᠠᠢ ᠲᠣᠭᠤᠭ᠎ᠠ ᠲᠤᠯᠭ᠎ᠠ ᠬᠡᠷᠡᠭᠯᠡᠬᠦ ᠳᠡᠭᠡᠨ ᠭᠠᠯ ᠨᠣᠴᠣᠭᠠᠬᠤ ᠳᠤ ᠭᠠᠷᠬᠤ ᠲᠠᠭᠤ ᠰᠣᠨᠣᠰᠳᠠᠭᠰᠠᠨ ᠤ | ᠰᠡᠭᠦᠯᠡᠷ ᠭᠠᠯ ᠠᠰᠠᠭᠰᠠᠨ ᠡᠰᠡᠬᠦ ᠶᠢ ᠪᠠᠶᠢᠴᠠᠭᠠᠨ ᠦᠵᠡᠭᠡᠷᠡᠢ᠃ ᠬᠤᠭᠤᠯᠠ ᠴᠢᠨᠠᠵᠤ᠂ ᠤᠰᠤ ᠪᠤᠴᠠᠯᠭᠠᠬᠤ ᠦᠶᠡᠰ | ᠲᠤᠰᠬᠠᠢ ᠬᠥᠮᠥᠨ ᠳᠡᠷᠭᠡᠳᠡ ᠨᠢ ᠰᠠᠬᠢᠨ ᠬᠠᠷᠠᠵᠤ ᠪᠠᠶᠢᠬᠤ ᠬᠡᠷᠡᠭᠲᠡᠢ᠂ ᠢᠩᠭᠢᠬᠦ ᠨᠢ ᠰᠠᠯᠬᠢ ᠦᠯᠢᠶᠡᠵᠦ᠂ ᠤᠰᠤ | ᠪᠢᠯᠬᠠᠨ ᠭᠠᠷᠴᠤ ᠭᠠᠯ ᠢ ᠤᠨᠲᠠᠷᠠᠭᠠᠵᠤ ᠶᠡᠭᠡ ᠬᠡᠮᠵᠢᠶᠡᠨ ᠤ ᠬᠡᠢ ᠯᠡᠪᠡᠷᠡᠨ ᠭᠠᠷᠬᠤ ᠠᠴᠠ ᠪᠣᠯᠭᠤᠮᠵᠢᠯᠠᠨ | ᠰᠡᠷᠭᠡᠶᠢᠯᠡᠬᠦ ᠶᠢᠨ ᠲᠥᠯᠥᠭᠡ ᠶᠤᠮ᠃ ᠲᠠᠪᠤ ᠳᠤ᠂ ᠨᠡᠭᠦᠷᠡᠰᠦᠨ ᠬᠡᠢ ᠶᠢᠨ ᠳᠤᠨᠤᠭ ᠲᠥᠬᠦᠭᠡᠷᠦᠮᠵᠢ ᠪᠠᠶᠢᠬᠤ ᠭᠡᠷ ᠲᠤ | ᠤᠨᠲᠠᠵᠤ ᠪᠤᠯᠬᠤ ᠦᠭᠡᠢ᠂ ᠢᠩᠭᠢᠬᠦ ᠨᠢ ᠰᠢᠲᠠᠮᠠᠬᠠᠢ ᠬᠡᠢ ᠯᠡᠪᠡᠷᠡᠨ ᠭᠠᠷᠬᠤ ᠪᠤᠶᠤ ᠬᠦᠴᠢᠯᠲᠥ᠋ᠷᠥᠭᠴᠢ | ᠳᠤᠲᠠᠭᠳᠠᠭᠰᠠᠨ ᠠᠴᠠ ᠪᠣᠯᠵᠤ ᠬᠤᠣᠷᠳᠠᠯ ᠡᠭᠦᠰᠬᠦ ᠠᠴᠠ ᠰᠡᠷᠭᠡᠶᠢᠯᠡᠨ᠎ᠡ᠃ ᠵᠢᠷᠭᠤᠭ᠎ᠠ ᠳᠤ᠂ ᠰᠢᠲᠠᠮᠠᠬᠠᠢ ᠬᠡᠢ ᠶᠢᠨ | ᠤᠰᠤᠨ ᠬᠠᠯᠠᠭᠠᠭᠤᠷ ᠢ ᠬᠡᠷᠡᠭᠯᠡᠬᠦ ᠳᠡᠭᠡᠨ ᠲᠡᠭᠦᠨ ᠢ ᠰᠠᠯᠬᠢ ᠵᠢᠪᠠᠷ ᠨᠡᠪᠲᠡᠷᠡᠭᠦᠯᠬᠦ ᠨᠢ ᠵᠥᠪ ᠭᠠᠵᠠᠷ ᠲᠤ | ᠤᠭᠰᠠᠷᠠᠭᠤᠯᠤᠨ ᠲᠠᠭᠠᠷᠠᠭᠤᠯᠬᠤ ᠬᠡᠷᠡᠭᠲᠡᠢ᠃ ᠤᠬᠢᠶᠠᠯᠭ᠎ᠠ ᠶᠢᠨ ᠲᠠᠰᠤᠯᠭ᠎ᠠ ᠳᠤ ᠤᠭᠰᠠᠷᠠᠨ ᠲᠠᠭᠠᠷᠠᠭᠤᠯᠬᠤ ᠶᠢ ᠲᠠᠰᠤ | ᠴᠡᠭᠡᠷᠯᠡᠨ᠎ᠡ᠃ ᠤᠬᠢᠶᠠᠯᠭ᠎ᠠ ᠬᠢᠬᠦ ᠳᠡᠭᠡᠨ ᠬᠡᠢ ᠭᠠᠷᠭᠠᠬᠤ ᠰᠡᠩᠰᠡ ᠪᠠ ᠴᠣᠩᠬᠤ ᠶᠢ ᠨᠡᠭᠡᠭᠡᠭᠰᠡᠨ ᠪᠠᠶᠢᠬᠤ ᠬᠡᠷᠡᠭᠲᠡᠢ᠃ | ᠨᠢᠭᠡ ᠬᠥᠮᠥᠨ ᠨᠢ ᠤᠬᠢᠶᠠᠵᠤ ᠪᠠᠶᠢᠬᠤ ᠦᠶᠡᠰ᠂ ᠪᠤᠰᠤᠳ ᠬᠥᠮᠥᠨ ᠨᠢ ᠪᠠᠶᠢᠨ ᠲᠠᠭᠢᠨ ᠪᠠᠶᠢᠳᠠᠯ ᠢ ᠨᠢ ᠬᠠᠷᠠᠵᠤ | ᠪᠠᠶᠢᠬᠤ ᠬᠡᠷᠡᠭᠲᠡᠢ᠃ ᠬᠠᠨᠢ ᠨᠥᠬᠦᠷ ᠪᠠ ᠭᠡᠷ ᠤᠨ ᠬᠥᠮᠥᠨ ᠴᠢᠨᠢ ᠤᠬᠢᠶᠠᠯᠭ᠎ᠠ ᠶᠢᠨ ᠲᠠᠰᠤᠯᠭ᠎ᠠ ᠳᠤ ᠣᠷᠣᠭᠠᠳ | ᠳᠡᠩᠳᠡᠭᠦᠦ ᠤᠳᠠᠪᠠᠯ ᠠᠩᠬᠠᠷᠤᠯ ᠳᠠᠭᠠᠨ ᠠᠪᠴᠤ ᠰᠡᠷᠡᠮᠵᠢ ᠲᠦᠷᠦᠭᠦ ᠬᠡᠷᠡᠭᠲᠡᠢ᠃ ᠳᠤᠯᠤᠭ᠎ᠠ ᠳᠤ᠂ ᠭᠡᠷ ᠲᠤ | ᠬᠡᠷᠡᠭᠯᠡᠬᠦ ᠰᠢᠲᠠᠮᠠᠬᠠᠢ ᠬᠡᠢ ᠶᠢᠨ ᠤᠰᠤᠨ ᠬᠠᠯᠠᠭᠠᠭᠤᠷ ᠢ ᠬᠡᠷᠡᠭᠯᠡᠬᠦ ᠳᠡᠭᠡᠨ ᠤᠳᠤᠭ᠎ᠠ ᠶᠢ ᠰᠢᠭᠤᠳ ᠭᠠᠳᠠᠭᠰᠢᠯᠠᠭᠤᠯᠤᠨ | ᠭᠠᠷᠭᠠᠬᠤ ᠮᠠᠶ᠋ᠢᠭ ᠤᠨ ᠬᠢ ᠶᠢ ᠬᠡᠷᠡᠭᠯᠡᠵᠦ ᠪᠤᠯᠬᠤ ᠦᠭᠡᠢ᠂ ᠬᠠᠷᠢᠨ ᠤᠳᠤᠭ᠎ᠠ ᠶᠢ ᠠᠯᠪᠠᠳᠠᠨ ᠭᠠᠳᠠᠭᠰᠢᠯᠠᠭᠤᠯᠤᠨ | ᠭᠠᠷᠭᠠᠬᠤ ᠮᠠᠶ᠋ᠢᠭ ᠤᠨ ᠬᠢ ᠶᠢ ᠬᠡᠷᠡᠭᠯᠡᠬᠦ ᠬᠡᠷᠡᠭᠲᠡᠢ᠂ ᠲᠡᠭᠡᠭᠦ ᠮᠥᠷᠲᠡᠭᠡᠨ ᠲᠤᠰᠬᠠᠢ ᠮᠡᠷᠭᠡᠵᠢᠯ ᠤᠨ ᠬᠥᠮᠥᠨ ᠢᠶᠠᠷ | ᠤᠭᠰᠠᠷᠠᠭᠤᠯᠤᠨ ᠲᠠᠭᠠᠷᠠᠭᠤᠯᠬᠤ ᠬᠡᠷᠡᠭᠲᠡᠢ᠃ | ᠠᠵᠤ ᠠᠬᠤᠶᠢᠯᠠᠯ ᠤᠨ ᠦᠢᠯᠡᠳᠪᠦᠷᠢᠯᠡᠯ ᠤᠨ ᠣᠷᠴᠢᠨ ᠲᠣᠭᠤᠷᠢᠨ ᠳᠤ ᠵᠠᠪᠠᠯ ᠰᠠᠯᠬᠢ ᠵᠢᠪᠠᠷ | ᠨᠡᠪᠲᠡᠷᠡᠭᠦᠯᠬᠦ ᠶᠢ ᠪᠠᠲᠤᠯᠠᠬᠤ ᠬᠡᠷᠡᠭᠲᠡᠢ᠃ | ᠨᠡᠭᠦᠷᠡᠰᠦᠨ ᠬᠡᠢ ᠳᠤ ᠬᠤᠣᠷᠳᠠᠭᠳᠠᠭᠰᠠᠨ ᠦᠶᠡᠰ ᠦᠷᠭᠦᠯᠵᠢ ᠲᠣᠯᠣᠭᠠᠢ ᠡᠪᠡᠳᠴᠦ᠂ ᠲᠣᠯᠣᠭᠠᠢ ᠡᠷᠭᠢᠵᠦ᠂ | ᠲᠦᠷᠪᠡᠨ ᠮᠥᠴᠢ ᠲᠠᠮᠢᠷ ᠠᠯᠳᠠᠵᠤ᠂ ᠪᠦᠭᠦ ᠪᠡᠶ᠎ᠡ ᠡᠪ ᠦᠭᠡᠶᠢᠷᠡᠵᠦ᠂ ᠤᠷᠤᠭᠤᠯ᠂ ᠠᠷᠠᠰᠤ ᠪᠣᠯᠣᠨ ᠬᠢᠮᠤᠰᠤ | ᠢᠩᠲᠣᠣᠷ ᠤᠨ ᠤᠯᠠᠭᠠᠨ ᠥᠩᠭᠡ ᠲᠠᠢ ᠪᠣᠯᠵᠤ᠂ ᠴᠢᠨᠠᠭᠰᠢᠯᠠᠪᠠᠯ ᠳᠤᠷ᠎ᠠ ᠪᠣᠯᠭᠢᠬᠤ᠂ ᠪᠥᠭᠡᠯᠵᠢᠬᠦ ᠵᠡᠷᠭᠡ | ᠡᠪᠡᠳᠴᠢᠨ ᠤ ᠢᠯᠡᠷᠡᠯ ᠭᠠᠷᠳᠠᠭ᠃ ᠬᠦᠨᠳᠦ ᠬᠤᠣᠷᠳᠠᠭᠳᠠᠭᠰᠠᠳ ᠲᠤ ᠠᠮᠢᠰᠬᠤᠭ᠎ᠠ ᠴᠢᠬᠤᠯᠳᠠᠬᠤ᠂ ᠮᠡᠳᠡᠭᠡ | ᠠᠯᠳᠠᠬᠤ᠂ ᠴᠢᠰᠤᠨ ᠳᠠᠷᠤᠯᠲᠠ ᠳᠣᠷᠣᠭᠰᠢᠯᠠᠬᠤ᠂ ᠴᠢᠨᠠᠭᠰᠢᠯᠠᠪᠠᠯ ᠦᠬᠦᠵᠦ ᠠᠳᠡᠬᠦ ᠪᠠᠶᠢᠳᠠᠯ ᠴᠤ ᠭᠠᠷᠳᠠᠭ᠃ | ᠨᠡᠭᠦᠷᠡᠰᠦᠨ ᠬᠡᠢ ᠳᠤ ᠬᠤᠣᠷᠳᠠᠭᠳᠠᠭᠰᠠᠨ ᠠᠳᠡᠭᠳᠡᠯ ᠢ ᠲᠤᠬᠠᠢ ᠶᠢᠨ ᠭᠠᠵᠠᠷ ᠨᠢ ᠰᠢᠢᠳᠪᠦᠷᠢᠯᠡᠬᠦ ᠠᠯᠬᠤᠮ | ᠲᠠᠷᠠᠭ᠎ᠠ ᠨᠢ ᠳᠣᠣᠷᠠᠬᠢ ᠮᠡᠲᠦ᠄ ᠨᠢᠭᠡ ᠳᠤ᠂ ᠨᠡᠭᠦᠷᠡᠰᠦᠨ ᠬᠡᠢ ᠯᠡᠪᠡᠷᠡᠨ ᠭᠠᠷᠬᠤ ᠪᠤᠶᠤ ᠨᠡᠭᠦᠷᠡᠰᠦᠨ ᠬᠡᠢ ᠳᠤ | ᠬᠤᠣᠷᠳᠠᠭᠳᠠᠬᠤ ᠬᠡᠷᠡᠭ ᠭᠠᠷᠪᠠᠯ᠂ ᠠᠪᠤᠷᠠᠭᠴᠢᠳ ᠪᠥᠬᠦ᠋ᠢᠵᠦ ᠪᠠᠶᠢᠭᠠᠳ ᠭᠡᠷ ᠲᠤᠨᠢ ᠣᠷᠣᠭᠠᠳ ᠡᠭᠦᠳᠡ | ᠴᠣᠩᠬᠤ ᠶᠢ ᠨᠢ ᠳᠠᠷᠤᠢ ᠲᠦᠷᠭᠡᠨ ᠣᠩᠭᠤᠶᠢᠯᠭᠠᠨ ᠨᠡᠭᠡᠭᠡᠵᠦ᠂ ᠬᠤᠣᠷᠳᠠᠭᠳᠠᠭᠴᠢ ᠶᠢ ᠲᠦᠷᠭᠡᠨ ᠭᠡᠭᠴᠢ ᠠᠭᠤᠷ | ᠠᠮᠢᠰᠬᠤᠯ ᠰᠢᠨ᠎ᠡ ᠰᠣᠷᠭᠤᠭ᠂ ᠰᠠᠯᠬᠢ ᠵᠢᠪᠠᠷ ᠨᠡᠪᠲᠡᠷᠡᠭᠦᠯᠬᠦ ᠨᠢ ᠵᠦᠭᠡᠷ ᠭᠠᠵᠠᠷ ᠲᠤ ᠰᠢᠯᠵᠢᠭᠦᠯᠦᠨ ᠠᠪᠠᠴᠢᠬᠤ | ᠬᠡᠷᠡᠭᠲᠡᠢ᠃ ᠬᠤᠶᠠᠷ ᠲᠤ᠂ ᠰᠢᠲᠠᠮᠠᠬᠠᠢ ᠬᠡᠢ ᠶᠢᠨ ᠶᠡᠷᠦᠩᠬᠡᠢ ᠨᠡᠭᠡᠭᠡᠯᠭᠡ ᠶᠢ ᠬᠠᠭᠠᠵᠤ᠂ ᠬᠥᠮᠥᠨ ᠬᠠᠷ᠎ᠠ ᠶᠢ | ᠲᠦᠷᠭᠡᠬᠡᠨ ᠲᠠᠷᠬᠠᠭᠠᠨ ᠵᠠᠶᠢᠯᠠᠭᠤᠯᠬᠤ ᠬᠡᠷᠡᠭᠲᠡᠢ᠃ ᠭᠤᠷᠪᠠ ᠳᠤ᠂ ᠭᠡᠷ ᠤᠨ ᠭᠠᠳᠠᠨ᠎ᠠ ᠭᠠᠷᠴᠤ ᠠᠪᠤᠷᠠᠯᠳᠠ ᠬᠢᠬᠦ ᠪᠠᠷ | ᠮᠡᠳᠡᠭᠦᠯᠬᠦ ᠪᠤᠶᠤ ᠲᠦᠷᠭᠡᠨ ᠠᠪᠤᠷᠠᠬᠤ ᠤᠲᠠᠰᠤ ᠶᠢ ᠤᠲᠠᠰᠤᠳᠠᠨ᠎ᠠ᠃ ᠲᠤᠬᠠᠢ ᠶᠢᠨ ᠭᠠᠵᠠᠷ ᠲᠤ ᠭᠠᠯ ᠪᠠᠮᠪᠠᠷ | ᠨᠣᠴᠣᠭᠠᠨ ᠭᠡᠷ ᠤᠨ ᠳᠣᠲᠣᠷᠠᠬᠢ ᠠᠯᠢ ᠴᠤ ᠴᠠᠭᠢᠯᠭᠠᠨ ᠬᠡᠷᠡᠭᠰᠡᠯ ᠢ ᠪᠠᠶᠢᠴᠠᠭᠠᠨ ᠦᠵᠡᠬᠦ ᠪᠤᠶᠤ ᠨᠡᠭᠡᠭᠡᠵᠦ | ᠬᠠᠭᠠᠬᠤ ᠶᠢ ᠲᠠᠰᠤ ᠵᠣᠭᠰᠣᠭᠠᠵᠤ᠂ ᠴᠠᠭᠢᠯᠭᠠᠨ ᠠᠴᠠ ᠦᠰᠦᠷᠴᠦ ᠭᠠᠷᠤᠭᠰᠠᠨ ᠭᠠᠯ ᠤᠨ ᠣᠴᠢ ᠨᠡᠭᠦᠷᠡᠰᠦᠨ | ᠬᠡᠢ ᠲᠠᠢ ᠵᠣᠯᠭᠠᠵᠤ ᠳᠡᠯᠪᠡᠷᠡᠬᠦ ᠶᠢ ᠴᠢᠩᠭ᠎ᠠ ᠴᠡᠭᠡᠷᠯᠡᠬᠦ ᠬᠡᠷᠡᠭᠲᠡᠢ᠃ | ᠨᠡᠭᠦᠷᠡᠰᠦᠨ ᠬᠡᠢ ᠳᠤ ᠬᠤᠣᠷᠳᠠᠭᠳᠠᠭᠰᠠᠳ ᠢ ᠲᠤᠬᠠᠢ ᠶᠢᠨ ᠭᠠᠵᠠᠷ ᠲᠤᠨᠢ ᠲᠦᠷᠭᠡᠨ ᠠᠪᠤᠷᠠᠬᠤ ᠠᠷᠭ᠎ᠠ | ᠬᠡᠮᠵᠢᠶ᠎ᠡ ᠨᠢ ᠳᠣᠣᠷᠠᠬᠢ ᠮᠡᠲᠦ᠄ ᠨᠢᠭᠡ ᠳᠤ᠂ ᠬᠤᠣᠷᠳᠠᠭᠳᠠᠭᠰᠠᠨ ᠨᠢ ᠨᠡᠯᠢᠶᠡᠳ ᠬᠥᠩᠭᠡᠨ ᠬᠥᠮᠥᠨ ᠢ ᠪᠣᠯ ᠠᠭᠤᠷ | ᠠᠮᠢᠰᠬᠤᠯ ᠨᠡᠪᠲᠡᠷᠡᠬᠦ ᠭᠠᠵᠠᠷ ᠰᠢᠯᠵᠢᠭᠦᠯᠦᠨ ᠠᠪᠠᠴᠢᠵᠤ᠂ ᠵᠠᠭᠠᠮ᠎ᠠ ᠪᠠ ᠲᠠᠯᠡᠢ ᠶᠢ ᠨᠢ ᠠᠯᠳᠠᠷᠠᠭᠠᠨ᠂ 2-3 ᠴᠠᠭ | ᠠᠮᠠᠷᠠᠭᠠᠵᠤ ᠪᠠᠶᠢᠭᠠᠳ ᠵᠣᠬᠢᠬᠤ ᠬᠡᠮᠵᠢᠶᠡᠨ ᠤ ᠥᠳᠬᠡᠨ ᠴᠠᠢ ᠤᠤᠭᠤᠯᠭᠠᠨ᠎ᠠ᠃ ᠬᠤᠶᠠᠷ ᠲᠤ᠂ | ᠬᠤᠣᠷᠳᠠᠭᠳᠠᠭᠰᠠᠨ ᠨᠢ ᠨᠡᠯᠢᠶᠡᠳ ᠬᠦᠨᠳᠦ ᠬᠥᠮᠥᠨ ᠢ ᠪᠣᠯ ᠲᠣᠯᠣᠭᠠᠢ ᠶᠢ ᠨᠢ ᠬᠠᠵᠠᠭᠤ ᠲᠡᠶᠢᠰᠢ ᠨᠢ ᠬᠠᠨᠳᠤᠭᠤᠯᠵᠤ᠂ | ᠪᠥᠭᠡᠯᠵᠢᠰᠦ ᠨᠢ ᠠᠭᠤᠰᠬᠢᠨ ᠳᠤᠨᠢ ᠣᠷᠣᠵᠤ ᠪᠦᠲᠡᠵᠦ ᠪᠥᠭᠯᠡᠷᠡᠬᠦ ᠠᠴᠠ ᠰᠡᠷᠭᠡᠶᠢᠯᠡᠬᠦ ᠬᠡᠷᠡᠭᠲᠡᠢ᠂ ᠳᠠᠭᠠᠤ ᠳᠤᠨᠢ | ᠬᠤᠣᠷᠳᠠᠭᠳᠠᠭᠴᠢ ᠶᠢ ᠳᠠᠷᠤᠢ ᠲᠦᠷᠭᠡᠨ ᠡᠮᠨᠡᠯᠭᠡ ᠶᠢᠨ ᠬᠤᠷᠢᠶᠠᠨ ᠳᠤ ᠬᠦᠷᠭᠡᠨ ᠵᠠᠪᠳᠤᠨ ᠠᠪᠤᠷᠠᠬᠤ ᠬᠡᠷᠡᠭᠲᠡᠢ᠃ | ᠬᠡᠷᠪᠡ ᠬᠤᠣᠷᠳᠠᠭᠳᠠᠭᠴᠢ ᠶᠢᠨ ᠠᠮᠢᠰᠬᠤᠯ ᠨᠢ ᠪᠠᠭᠤᠷᠠᠢ ᠪᠤᠶᠤ ᠴᠢᠨᠠᠭᠰᠢᠯᠠᠪᠠᠯ ᠠᠮᠢᠰᠬᠤᠯ ᠵᠤᠬᠰᠤᠬᠤ ᠪᠠᠶᠢᠳᠠᠯ | ᠭᠠᠷᠪᠠᠯ ᠳᠠᠷᠤᠢ ᠲᠦᠷᠭᠡᠨ ᠬᠥᠮᠥᠨ ᠤ ᠬᠦᠴᠦ ᠪᠠᠷ ᠠᠮᠢᠰᠬᠤᠯᠯᠠᠭᠤᠯᠤᠨᠠ᠃ ᠬᠡᠷᠪᠡ ᠬᠤᠣᠷᠳᠠᠭᠳᠠᠭᠴᠢ ᠶᠢᠨ ᠵᠢᠷᠦᠬᠡᠨ | ᠴᠣᠬᠢᠯᠭ᠎ᠠ ᠪᠠ ᠠᠮᠢᠰᠬᠤᠯ ᠨᠢ ᠪᠦᠷ ᠵᠣᠭᠰᠣᠭᠰᠠᠨ ᠪᠠᠶᠢᠳᠠᠯ ᠭᠠᠷᠪᠠᠯ ᠳᠠᠷᠤᠢ ᠲᠦᠷᠭᠡᠨ ᠴᠡᠭᠡᠵᠢᠨ ᠤ ᠭᠠᠳᠠᠷ | ᠲᠠᠯ᠎ᠠ ᠠᠴᠠ ᠨᠢ ᠵᠢᠷᠦᠬᠡᠨ ᠳᠤ ᠳᠠᠷᠤᠯᠲᠠ ᠥᠭᠬᠦ ᠠᠷᠭ᠎ᠠ ᠪᠤᠶᠤ ᠬᠥᠮᠥᠨ ᠤ ᠬᠦᠴᠦ ᠪᠠᠷ ᠠᠮᠢᠰᠬᠤᠯᠯᠠᠭᠤᠯᠬᠤ | ᠬᠡᠷᠡᠭᠲᠡᠢ᠃ ︵︽ᠡᠷᠡᠭᠦᠯ ᠮᠡᠨᠳᠤ ᠶᠢᠨ 66 ᠵᠤᠷᠪᠤᠰ︾ ᠬᠡᠮᠡᠬᠦ ᠨᠣᠮ ᠠᠴᠠ ᠨᠠᠶᠢᠷᠠᠭᠤᠯᠤᠨ ᠠᠪᠤᠪᠠ︶ | |