︽ᠪᠢᠳᠠᠭᠦᠨ︾ ᠪᠠ ︽ᠴᠠᠭᠠᠨ ᠰᠠᠷ᠎ᠠ︾ ᠶᠢᠨ ᠲᠤᠬᠠᠢ ︵ᠲᠡᠭᠡᠳᠦ︶
ᠨᠡᠶᠢᠲᠡᠯᠡᠭᠰᠡᠨ ᠴᠠᠭ᠄
2024/2/18
     ᠪᠢᠳᠡᠬᠦᠨ ᠤ ᠲᠤᠬᠠᠢ᠄ ᠪᠢᠯᠢᠭ ᠤᠨ ᠤᠯᠠᠷᠢᠯ ᠤᠨ ᠰᠢᠨ᠎ᠠ ᠨᠢᠭᠡᠨ ᠵᠢᠯ ᠡᠬᠢᠯᠠᠬᠦ ᠶᠢᠨ ᠡᠮᠦᠨᠡᠬᠢ ᠡᠳᠦᠷ ᠢ ︽ᠪᠢᠳᠠᠭᠦᠨ ᠤ ᠡᠳᠦᠷ︾᠂ ᠰᠦᠨᠢ ᠶᠢ ᠨᠢ ︽ᠪᠢᠳᠡᠬᠦᠨ ᠤ ᠰᠦᠨᠢ︾ ᠬᠡᠵᠦ ᠮᠤᠩᠭᠤᠯ ᠤᠷᠤᠨ ᠳᠤ ᠬᠡᠯᠡᠳᠡᠭ᠃ ︽ᠪᠢᠳᠡᠬᠦᠨ︾ ᠬᠡᠳᠡᠭ ᠦᠭᠡ ᠶᠢᠨ ᠤᠬᠠᠭᠳᠠᠬᠤᠨ ᠤ ᠲᠤᠬᠠᠢ ᠬᠦᠳᠡᠭᠡ ᠶᠢᠨ ᠮᠤᠩᠭᠤᠯᠴᠤᠳ ᠢᠡᠭᠭᠢᠵᠦ ᠲᠠᠶᠢᠯᠪᠤᠷᠢᠯᠠᠳᠠᠭ᠄ ᠲᠤᠬᠠᠢᠢᠯᠠᠪᠠᠯ ᠪᠢᠯᠢᠭ ᠤᠨ ᠤᠯᠠᠷᠢᠯ ᠤᠨ ᠰᠠᠷ᠎ᠠ ᠪᠦᠷᠢ ᠶᠢᠨ ᠬᠠᠮᠤᠭ ᠤᠨ ᠰᠠᠭᠦᠯᠴᠢ ᠶᠢᠨ ᠡᠳᠦᠷ ᠰᠦᠨᠢ ᠶᠢ ︽ᠪᠢᠳᠠᠬᠦᠨ ᠤ ᠡᠳᠦᠷ ᠰᠦᠨᠢ︾ ᠬᠡᠵᠦ᠂ ᠲᠠᠷᠠᠭ᠎ᠠ ᠡᠳᠦᠷ ᠢ ᠨᠢ ︽ᠰᠢᠨ᠎ᠠ ᠶᠢᠨ ᠨᠢᠭᠡᠨ︾ ᠬᠡᠳᠡᠭ᠃ ᠢᠡᠭᠭᠢᠬᠦᠯᠡᠷ ᠡᠩ ᠤᠨ ᠵᠢᠯ ᠳᠤ ᠠᠷᠪᠠᠨ ᠬᠤᠶᠠᠷ ᠪᠢᠳᠡᠬᠦᠨ᠂ ᠠᠷᠪᠠᠨ ᠬᠤᠶᠠᠷ ᠰᠢᠨ᠎ᠠ ᠶᠢᠨ ᠨᠢᠭᠡᠨ ᠪᠠᠶᠢᠳᠠᠭ᠃ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠡᠮᠦᠨᠡᠬᠢ ᠡᠳᠦᠷ ᠢ ᠯᠠ ᠪᠢᠳᠡᠬᠦᠨ ᠤ ᠡᠳᠦᠷ ᠬᠡᠳᠡᠭ ᠪᠢᠰᠢ ᠠᠵᠢ᠃        ᠮᠤᠩᠭᠤᠯᠴᠤᠳ ᠶᠠᠭᠤᠨ ᠳᠤ ᠪᠢᠯᠢᠭ ᠤᠨ ᠤᠯᠠᠷᠢᠯ ᠤᠨ ᠰᠠᠷ᠎ᠠ ᠪᠦᠷᠢ ᠶᠢᠨ ᠬᠠᠮᠤᠭ ᠰᠡᠭᠦᠯᠴᠢ ᠶᠢᠨ ᠡᠳᠦᠷ ᠢ ︽ᠪᠢᠳᠡᠬᠦᠨ︾ ᠬᠡᠳᠡᠭ ᠪᠤᠢ︖ ᠬᠡᠪᠡᠯ᠂ ᠮᠤᠩᠭᠤᠯ ᠬᠦᠮᠦᠨ ᠡᠷᠳᠡ ᠲᠡᠭᠡᠳᠦ ᠠᠴᠠ ᠪᠠᠨ ᠴᠡᠯᠮᠡᠭ ᠲᠡᠭᠷᠢ ᠶᠢᠨ ᠲᠤᠤᠷ᠎ᠠ ᠴᠢᠯᠦᠭᠡᠳᠡᠢ ᠨᠡᠬᠦᠳᠡᠯᠯᠡᠵᠦ᠂ ᠨᠠᠷᠨ ᠰᠠᠷᠠ ᠤᠳᠤᠨ ᠭᠠᠷᠠᠭ ᠢ ᠠᠵᠢᠭᠯᠠᠨ ᠰᠢᠨᠵᠢᠵᠦ ᠪᠠᠶᠢᠭᠠᠯᠢ ᠶᠢᠨ ᠦᠵᠡᠭᠳᠡᠯ ᠢ ᠤᠨᠤᠪᠴᠢᠳᠠᠢ ᠨᠠᠷᠠᠯᠠᠵᠦ ᠪᠠᠶᠢᠭᠰᠠᠨ ᠠᠴᠠ ᠬᠡᠯᠡᠬᠦ ᠤᠴᠢᠷ ᠲᠠᠢ᠃ ︽ᠪᠢᠳᠠᠬᠦᠨ ᠤ ᠡᠳᠦᠷ︾ ᠬᠡᠳᠡᠭ ᠨᠢ ᠮᠤᠩᠭᠤᠯᠴᠤᠳ ᠰᠡᠷᠡ ᠶᠢ ᠰᠢᠨᠵᠢᠭᠰᠡᠨ ᠠᠴᠠ ᠢᠷᠡᠯᠳᠡᠢ᠃ ᠰᠠᠷᠠ ᠪᠤᠯ ᠲᠠᠯᠡᠭᠡᠢ ᠶᠢᠨ ᠪᠦᠮᠪᠤᠷᠴᠡᠭ ᠤᠨ ᠲᠠᠭᠠᠭᠤᠯᠢ ᠤᠳᠤ᠂ ᠲᠠᠯᠠᠭᠡᠢ ᠶᠢᠨ ᠪᠦᠮᠪᠤᠷᠴᠡᠭ ᠨᠢ ᠰᠠᠷᠠ ᠲᠠᠢ ᠪᠠᠨ ᠨᠠᠷᠠ ᠶᠢ ᠲᠤᠭᠤᠷᠢᠨ ᠡᠷᠭᠢᠳᠡᠭ ᠬᠡᠵᠦ ᠤᠷᠴᠢᠨ ᠦᠶ᠎ᠠ ᠶᠢᠨ ᠰᠢᠨᠵᠢᠯᠠᠬᠦ ᠤᠬᠠᠭᠠᠨ ᠨᠤᠳᠠᠯᠠᠭᠰᠠᠨ ᠶᠤᠮ᠃ ᠰᠡᠷᠡ ᠲᠠᠯᠡᠭᠡᠢ ᠶᠢᠨ ᠪᠦᠮᠪᠤᠷᠴᠡᠭ ᠢ ᠲᠤᠭᠤᠷᠢᠬᠤ ᠳᠠᠭᠠᠨ ᠮᠤᠩᠭᠤᠯ ᠤᠷᠤᠨ ᠳᠤ ᠶᠠᠭᠠᠬᠢᠵᠦ ᠦᠵᠡᠭᠳᠡᠳᠡᠭ ᠪᠤᠢ︖ ᠬᠡᠪᠡᠯ᠂ ᠰᠠᠷᠠ ᠡᠮᠦᠨᠡᠰᠢ ᠬᠠᠨᠳᠤᠭᠰᠠᠨ ᠬᠠᠪᠢᠷᠭᠠᠨ ᠰᠠᠷᠠ ᠪᠤᠯᠬᠤ ᠦᠶ᠎ᠠ ᠳᠡᠭᠡᠨ ᠮᠤᠩᠭᠤᠯ ᠤᠷᠤᠨ ᠤ ᠪᠠᠷᠠᠭᠤᠨ ᠬᠤᠶᠢᠨ᠎ᠠ ᠬᠠᠷᠠᠭᠳᠠᠵᠤ ᠵᠡᠭᠦᠨᠰᠢᠯᠡᠭᠰᠡᠭᠡᠷ᠂ ᠠᠷᠪᠠᠨ ᠲᠠᠪᠤᠨ ᠬᠤᠨᠤᠭ ᠦᠡᠭᠭᠡᠷᠡᠪᠡᠯ ᠲᠡᠷᠭᠡᠯ ᠲᠦᠭᠦᠷᠡᠩ ᠪᠤᠯᠤᠨ ᠵᠠᠬᠦᠨ ᠠᠴᠠ ᠮᠠᠨᠳᠤᠨ᠎ᠠ᠂ ᠡᠭᠦᠨᠴᠡ ᠰᠡᠭᠦᠯᠡᠷ ᠲᠤᠵᠢ ᠵᠡᠬᠦᠨ ᠠᠴᠠ ᠮᠠᠨᠳᠤᠬᠤ ᠪᠤᠯᠪᠠᠴᠤ ᠴᠠᠭ ᠨᠢ ᠤᠯᠠᠮ ᠤᠯᠠᠮ ᠤᠷᠦ᠋ᠢᠳᠠᠵᠦ ᠶᠠᠪᠤᠭᠰᠠᠭᠠᠷ ᠪᠠᠰᠠ ᠠᠷᠪᠠᠨ ᠲᠠᠪᠤᠨ ᠬᠤᠨᠤᠭ ᠦᠡᠭᠭᠡᠷᠡᠪᠡᠯ ᠬᠤᠶᠢᠰᠢ ᠬᠠᠨᠳᠤᠭᠰᠠᠨ ᠬᠠᠪᠢᠷᠭᠠᠨ ᠰᠠᠷᠨ ᠪᠤᠯᠵᠤ ᠬᠠᠷᠠᠭᠳᠠᠨ᠎ᠠ᠃ ᠡᠮᠦᠨᠡᠰᠢ ᠬᠠᠨᠳᠤᠭᠰᠠᠨ ᠬᠠᠪᠢᠷᠭᠠᠨ ᠰᠠᠷᠠ ᠲᠡᠷᠭᠡᠯᠰᠢᠭᠡᠳ ᠲᠡᠬᠢᠨ ᠬᠤᠶᠢᠰᠢ ᠬᠠᠨᠳᠤᠭᠰᠠᠨ ᠬᠠᠪᠢᠷᠭᠠᠨ ᠰᠠᠷᠠ ᠪᠤᠯᠳᠠᠯ᠎ᠠ ᠶᠠᠭ ᠭᠤᠴᠢ ᠬᠤᠨᠤᠭ ᠤᠷᠤᠬᠤ ᠲᠤᠯᠠ᠂ ᠭᠤᠴᠢᠨ ᠬᠤᠨᠤᠭ ︵ᠪᠠᠭ᠎ᠠ ᠰᠠᠷ᠎ᠠ ᠨᠢ ᠬᠤᠷᠢ ᠶᠢᠰᠤᠨ ᠬᠤᠨᠤᠭ︶ ᠤᠨ ᠬᠤᠭᠤᠴᠠᠭ᠎ᠠ ᠶᠢ ᠨᠢᠭᠡ ᠰᠠᠷ᠎ᠠ ᠬᠡᠮᠡᠵᠡᠢ᠂ ᠴᠤᠬᠤᠮ ᠳᠠᠭᠠᠨ ᠨᠢᠭᠡ ᠰᠠᠷᠠ ᠬᠡᠬᠦ ᠤᠳᠬ᠎ᠠ ᠲᠠᠢ᠃ ᠬᠠᠮᠤᠭ ᠤᠨ ᠰᠡᠬᠦᠯᠴᠢ ᠶᠢᠨ ᠨᠢᠭᠡ ᠬᠤᠨᠤᠭ ᠢ ︽ᠪᠢᠳᠠᠭᠦᠨ︾ ᠬᠡᠳᠡᠭ ᠤᠨ ᠤᠴᠢᠷ ᠪᠤᠯ᠂ ᠮᠦᠨ ᠡᠳᠦᠷ ᠨᠠᠷᠠ ᠪᠠᠷᠠᠭᠤᠨ᠎ᠠ ᠰᠢᠩᠭᠡᠭᠰᠡᠨ ᠬᠤᠶᠢᠨ᠎ᠠ ᠪᠠᠷᠠᠭᠤᠨ ᠵᠦᠭ ᠲᠤ ᠬᠠᠪᠢᠷᠭᠠᠨ ᠰᠠᠷᠨ ᠬᠠᠷᠠᠭᠳᠠᠳᠠᠭ ᠦᠭᠡᠢ᠂ ᠨᠠᠷᠠ ᠴᠤ ᠦᠭᠡᠢ᠂ ᠰᠠᠷᠠ ᠴᠤ ᠦᠭᠡᠢ ᠪᠢᠳᠠᠭᠦᠦ ᠬᠠᠷᠠᠩᠭᠤᠢ ᠰᠦᠨᠢ ᠪᠤᠯᠳᠠᠭ ᠲᠤ ᠤᠷᠤᠰᠢᠨ᠎ᠠ᠃ ᠡᠶᠢᠨ ᠬᠦ ︽ᠪᠢᠳᠠᠭᠦᠨ︾ ᠬᠡᠵᠡᠢ᠃              ᠮᠠᠨ ᠤ ᠮᠤᠩᠭᠤᠯ ᠤᠷᠤᠨ ︵ᠵᠡᠬᠦᠨ ᠤᠷᠤᠨ︶ ᠳᠤ ᠪᠠᠷᠠᠭᠤᠨ ᠠᠴᠠ ᠲᠡᠭᠳᠡᠬᠦ ᠰᠠᠷᠠ ᠨᠢ ᠪᠠᠷᠤᠭ ᠲᠠᠭᠠᠨ ᠰᠢᠨ᠎ᠠ ᠶᠢᠨ ᠬᠤᠶᠠᠷ ᠲᠤ ᠯᠠ ᠬᠠᠷᠠᠭᠳᠠᠳᠠᠭ᠃ ᠦᠳᠡᠭᠦᠰ ᠠᠬᠠᠮᠠᠳ ᠶᠠᠷᠦ ᠨᠢ ︽ᠰᠢᠨ᠎ᠠ ᠶᠢᠨ ᠬᠤᠶᠠᠷ ᠤᠨ ᠰᠠᠷᠠ ᠶᠢ ᠦᠵᠡ᠂ ᠲᠡᠭᠡᠭᠰᠢ ᠬᠠᠨᠳᠤᠵᠤ ᠪᠠᠶᠢᠪᠠᠯ ᠬᠤᠷᠴᠠ ᠬᠦᠢᠳᠡᠨ ᠰᠠᠷ᠎ᠠ᠂ ᠡᠮᠦᠨᠡᠰᠢ ᠬᠠᠨᠳᠤᠵᠤ ᠪᠠᠶᠢᠪᠠᠯ ᠲᠤᠯᠠᠭᠠᠨ ᠨᠦᠮᠦᠷᠢ ᠲᠠᠢ ᠰᠠᠷᠠ ᠬᠡᠳᠡᠭ ᠶᠤᠮ︾ ᠬᠡᠵᠦ ᠬᠡᠦᠭᠡᠳ ᠲᠡᠭᠡᠨ ᠵᠢᠭᠠᠵᠤ ᠦᠭᠳᠡᠭ᠃ ᠡᠨᠡ ᠨᠢ ᠨᠠᠯᠢᠶᠠᠳ ᠤᠨᠤᠪᠴᠢᠳᠠᠢ ᠪᠠᠶᠢᠳᠠᠭ᠃              ᠲᠡᠷᠡᠴᠢᠯᠠᠨ ᠰᠢᠨ᠎ᠠ ᠰᠠᠷᠠ ᠪᠠᠷᠠᠭᠤᠨ ᠬᠤᠶᠢᠨ᠎ᠠ ᠠᠴᠠ ᠬᠠᠪᠢᠷᠭᠠᠯᠠᠨ ᠬᠠᠷᠠᠭᠳᠠᠬᠤ ᠠᠴᠠ ᠡᠮᠦᠨᠡᠬᠢ ᠡᠳᠦᠷ ᠢ ᠰᠢᠨ᠎ᠠ ᠶᠢᠨ ᠨᠢᠭᠡᠨ ᠤ ᠡᠳᠦᠷ ᠬᠡᠳᠡᠭ ᠪᠠᠶᠢᠵᠠᠢ᠃ ︽ᠪᠢᠳᠠᠭᠦᠨ ᠤ ᠰᠦᠨᠢ︾ ᠬᠡᠳᠡᠭ ᠨᠢ ᠬᠡᠳᠦ᠋ᠢᠪᠡᠷ ᠰᠢᠨ᠎ᠠ ᠵᠢᠯ ᠴᠠᠭᠠᠨ ᠰᠠᠷ᠎ᠠ ᠶᠢᠨ ᠡᠮᠦᠨᠡᠬᠢ ᠰᠦᠨᠢ ᠶᠢ ᠯᠠ ᠬᠡᠯᠡᠳᠡᠭ ᠪᠢᠰᠢ ᠪᠤᠯᠪᠠᠴᠤ ᠮᠤᠩᠭᠤᠯᠴᠤᠳ ᠡᠩ ᠤᠨ ᠵᠢᠯ ᠤᠨ ᠠᠷᠪᠠᠨ ᠬᠤᠶᠠᠷ ᠪᠢᠳᠠᠬᠦᠨ ᠤ ᠬᠠᠮᠤᠭ ᠰᠠᠭᠦᠯᠴᠢ ᠶᠢᠨ ᠪᠢᠳᠡᠬᠦᠨ ᠤ ᠰᠦᠨᠢ ᠶᠢ ᠵᠤᠯᠠ ᠪᠠᠮᠪᠠᠷ ᠠᠰᠠᠭᠠᠵᠤ᠂ ᠬᠦᠯᠳᠡᠭᠦᠰᠦ ᠪᠠᠷ ᠲᠡᠭᠷᠢ ᠶᠢᠨ ᠤᠪᠤᠭ᠎ᠠ ᠪᠤᠰᠬᠠᠨ ᠲᠡᠭᠷᠢ ᠲᠠᠬᠢᠵᠦ ︵ᠤᠷᠤᠢ ᠨᠢ ᠤᠳᠤ ᠪᠠᠷᠢᠯᠳᠤᠬᠤ ᠦᠶ᠎ᠠ᠂ ᠦᠷᠯᠦᠭᠡ ᠨᠢ ᠨᠠᠷᠠᠨ ᠪᠢᠳᠠᠬᠦᠦ ᠪᠠᠷ︶᠂ ᠰᠦᠨᠢ ᠲᠤᠵᠢ ᠨᠠᠶᠢᠷᠯᠠᠨ ᠨᠠᠭᠠᠳᠴᠤ᠂ ᠤᠨᠳᠠᠬᠤ ᠦᠭᠡᠢ ᠪᠠᠷ ᠰᠢᠨ᠎ᠠ ᠶᠢᠨ ᠨᠢᠭᠡᠨ ᠤ ᠨᠠᠷᠠ ᠶᠢ ᠦᠵᠡᠵᠦ᠂ ᠰᠢᠨ᠎ᠠ ᠶᠢᠨ ᠵᠤᠯᠭᠠᠯᠳᠠ ᠬᠢᠵᠦ᠂ ᠰᠢᠨ᠎ᠠ ᠨᠢᠭᠡᠨ ᠵᠢᠯ ᠳᠤ ᠨᠠᠰᠤ ᠨᠡᠮᠡᠭᠳᠡᠨ ᠪᠠᠶ᠎ᠠ ᠦᠰᠴᠤ ᠠᠯᠢᠪᠠ ᠪᠦᠬᠦᠨ ᠰᠠᠶᠢᠨ ᠰᠠᠶᠢᠬᠠᠨ ᠪᠠᠶᠢᠬᠤ ᠶᠢ ᠵᠦᠡᠭᠨᠡᠨ᠂ ᠪᠠᠶᠠᠷ ᠵᠢᠷᠭᠠᠯ ᠲᠠᠢ ᠤᠭᠳᠤᠬᠤ ᠵᠠᠩᠰᠢᠯ ᠲᠠᠢ᠃              ᠪᠢᠳᠡᠬᠦᠦ ᠪᠤᠳᠠᠭ᠎ᠠ ᠢᠳᠡᠬᠦ ᠬᠡᠳᠡᠭ ᠪᠤᠯ ᠤᠷᠤᠨ ᠨᠤᠳᠤᠭ ᠤᠨ ᠵᠠᠩᠰᠢᠯ᠃ ︽ᠪᠢᠳᠡᠬᠦᠯᠡᠬᠦ︾ ᠭᠡᠳᠡᠭ ᠦᠭᠡ ᠪᠤᠯ ᠪᠢᠳᠡᠬᠦᠨ ᠤ ᠡᠳᠦᠷ ᠰᠦᠨᠢ ᠶᠢ ᠦᠡᠭᠭᠡᠷᠡᠬᠦᠯᠬᠦ ᠲᠤᠬᠠᠢ ᠪᠤᠷᠤᠭᠤ ᠬᠡᠯᠡᠯᠭᠡ ᠬᠡᠭᠴᠢ ᠶᠢ ᠲᠠᠰᠢᠷᠠᠮ ᠳᠤ ᠲᠤᠳᠤᠷᠬᠠᠢᠢᠯᠠᠶ᠎ᠠ᠃ ︽ᠪᠢᠳᠡᠬᠦᠯᠡᠬᠦ︾ ᠬᠡᠳᠡᠭ ᠦᠭᠡ ᠪᠤᠯ ᠨᠦᠭᠡᠨ ᠤ ᠠᠮᠠᠰᠠᠷ ᠢ ︽ᠪᠦᠭᠯᠡᠵᠦ  ᠪᠢᠳᠠᠬᠦᠯᠡᠬᠦ︾ ᠬᠡᠰᠡᠨ ᠤᠳᠬ᠎ᠠ ᠲᠠᠢ᠃ ᠬᠦᠮᠦᠰ ᠰᠢᠨ᠎ᠠ ᠨᠢᠭᠡ ᠵᠢᠯ ᠡᠬᠢᠯᠡᠬᠦ ᠶᠢᠨ ᠡᠮᠦᠨᠡᠬᠢ ᠪᠢᠳᠡᠬᠦᠨ ᠤ ᠰᠦᠨᠢ ᠵᠤᠯᠠ ᠪᠠᠮᠪᠠᠷ ᠠᠰᠠᠭᠠᠵᠤ ᠬᠦᠭᠵᠢᠭᠡᠨ ᠲᠠᠢ ᠨᠠᠶᠢᠷᠯᠠᠳᠠᠭ ᠨᠢ ᠴᠤᠬᠤᠮ ᠳᠠᠭᠠᠨ ᠬᠠᠭᠤᠴᠢᠨ ᠵᠢᠯ ᠤᠨ ᠬᠠᠮᠤᠭ ᠰᠡᠭᠦᠯᠴᠢ ᠶᠢᠨ ᠪᠢᠳᠡᠬᠦᠦ ᠬᠠᠷᠠᠩᠭᠤᠢ ︽ᠪᠢᠳᠡᠬᠦᠨ︾ ᠢ ᠬᠡᠷᠡᠯᠳᠦᠬᠦᠯᠬᠦ ᠬᠡᠰᠡᠨ ᠰᠠᠨᠠᠭ᠎ᠠ ᠲᠠᠢ ᠶᠤᠮ᠃        ᠨᠣᠮ ᠵᠦᠢ᠄ ᠰᠠᠴᠤᠷᠠᠯᠳᠤ᠂ ᠪᠠᠶᠠᠨᠪᠠᠭᠠᠳᠤᠷ ᠤᠨ ᠨᠠᠶᠢᠷᠠᠭᠤᠯᠤᠭᠰᠠᠨ ︽ᠮᠤᠩᠭᠤᠯ ᠰᠤᠶᠤᠯ ᠤᠨ ᠤᠪᠤᠭ᠎ᠠ ᠶᠢᠨ ᠴᠢᠯᠠᠭᠤᠳ︾ ᠨᠤᠮ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号