ᠢᠦᠢ ᠴᠢᠤᠸᠠᠨ ᠲᠣᠭᠤᠷᠢᠭ ᠤᠨ 2024 ᠣᠨ ᠳᠤ ᠪᠠᠭ᠎ᠠ ᠰᠤᠷᠭᠠᠭᠤᠯᠢ ᠠᠴᠠ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠳᠡᠪᠰᠢᠬᠦ ︽ᠲᠠᠷᠠᠬᠠᠶ ᠪᠤᠲᠠᠷᠬᠠᠶ ᠰᠣᠷᠣᠭᠴᠢ︾ ᠶᠢᠨ ᠬᠢᠷᠢ ᠬᠡᠮ ᠢ ᠬᠢᠨᠠᠨ ᠪᠠᠶᠢᠴᠠᠭᠠᠬᠤ ᠠᠯᠪᠠᠨ ᠵᠠᠷ
ᠨᠡᠶᠢᠲᠡᠯᠡᠭᠰᠡᠨ ᠴᠠᠭ᠄
2024/3/19
     ᠨᠢᠭᠡ᠂ ᠦᠨᠳᠦᠰᠦᠨ ᠨᠥᠬᠦᠴᠡᠯ      ᠢᠦᠶ ᠴᠢᠤᠸᠠᠨ ᠲᠣᠭᠤᠷᠢᠭ ᠤᠨ ᠡᠷᠦᠬᠡ ᠠᠮᠠ ᠶᠢᠨ ᠲᠠᠩᠰᠠ ᠨᠢ ᠬᠥᠬᠡᠬᠤᠲᠠ ᠶᠢᠨ ᠬᠤᠲᠠ ᠶᠢᠨ ᠳᠥᠷᠪᠡᠨ ᠲᠣᠭᠤᠷᠢᠭ ᠠᠴᠠ ᠭᠠᠳᠠᠨ᠎ᠠ ᠰᠤᠷᠤᠯᠴᠠᠵᠤ ᠪᠠᠶᠢᠭ᠎ᠠ 2024 ᠣᠨ ᠤ ᠪᠠᠭ᠎ᠠ ᠰᠤᠷᠭᠠᠭᠤᠯᠢ ᠶᠢᠨ ᠰᠤᠷᠤᠯᠭ᠎ᠠ ᠲᠡᠭᠦᠰᠦᠭᠰᠡᠨ ᠰᠣᠷᠣᠭᠴᠢ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠶᠢᠨ ᠬᠢᠨ ᠨᠢᠭᠡ ᠲᠠᠯ᠎ᠠ ᠶᠢ ᠳᠠᠭᠠᠵᠤ ᠬᠡᠷ ᠪᠠᠶᠢᠰᠢᠩ ᠬᠤᠳᠠᠯᠳᠤᠨ ᠠᠪᠴᠤ ︵ᠬᠡᠷ ᠪᠠᠶᠢᠰᠢᠩ ᠤᠨ ᠰᠢᠨᠵᠢ ᠴᠢᠨᠠᠷ ᠨᠢ ᠣᠷᠣᠨ ᠰᠠᠭᠤᠴᠠ᠂ ᠨᠡᠶᠢᠲᠡ ᠶᠢᠨ ᠪᠠᠶᠢᠷᠢ ᠪᠠ ᠬᠤᠳᠠᠯᠳᠤᠭᠠᠨ ᠤ ᠰᠢᠨᠵᠢ ᠴᠢᠨᠠᠷ ᠲᠠᠢ ᠬᠡᠷ ᠬᠥᠷᠥᠩᠭᠡ ᠪᠠᠭᠲᠠᠬᠤ ᠥᠬᠡᠶ︶ ᠢᠦᠶ ᠴᠢᠤᠸᠠᠨ ᠲᠣᠭᠤᠷᠢᠭ ᠲᠤ ᠡᠷᠦᠬᠡ ᠠᠮᠠ ᠣᠷᠣᠬᠤ ᠮᠥᠷᠲᠡᠭᠡᠨ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠨᠢ ᠡᠷᠦᠬᠡ ᠶᠢᠨ ᠡᠵᠡᠨ ᠪᠣᠯᠤᠨ᠎ᠠ᠂ ᠡᠷᠦᠬᠡ ᠠᠮᠠ ᠤᠷᠤᠭᠰᠠᠨ ᠴᠠᠭ ᠨᠢ 2023 ᠣᠨ ᠤ 8 ᠳ᠋ᠤᠭᠠᠷ ᠰᠠᠷ᠎ᠠ ᠶᠢᠨ 31 ᠤ ᠡᠳᠦᠷ ᠲᠤ ᠳᠠᠭᠤᠰᠤᠨ᠎ᠠ᠃      ᠬᠤᠶᠠᠷ᠂ ᠬᠢᠷᠢ ᠬᠡᠮ ᠤᠨ ᠬᠢᠨᠠᠨ ᠪᠠᠶᠢᠴᠠᠭᠠᠯᠲᠠ      ︵ᠨᠢᠭᠡ︶ ᠲᠤᠰᠢᠶᠠᠬᠤ ᠮᠠᠲ᠋ᠧᠷᠢᠶᠠᠯ      ᠡᠷᠦᠬᠡ ᠠᠮᠠ ᠶᠢᠨ ᠲᠠᠩᠰᠠ᠄ ᠰᠣᠷᠣᠭᠴᠢ ᠵᠢᠴᠢ ᠬᠢᠨᠠᠨ ᠬᠠᠮᠠᠭᠠᠯᠠᠭᠴᠢ ᠶᠢᠨ ᠡᠷᠦᠬᠡ ᠠᠮᠠ ᠶᠢᠨ ᠳᠡᠪᠲᠡᠷ ᠤᠨ ᠣᠭ ᠮᠠᠲ᠋ᠧᠷᠢᠶᠠᠯ ᠵᠢᠴᠢ ᠬᠠᠭᠤᠯᠪᠤᠷᠢ ︵ᠠᠩᠬᠠᠨ ᠤ ᠨᠢᠭᠤᠷ᠂ ᠡᠷᠦᠬᠡ ᠶᠢᠨ ᠡᠵᠡᠨ ᠤ ᠨᠢᠭᠤᠷ᠂ ᠰᠣᠷᠣᠭᠴᠢ ᠶᠢᠨ ᠲᠣᠰ ᠬᠥᠮᠦᠨ ᠤ ᠨᠢᠭᠤᠷ︶ 1 ᠬᠤᠪᠢ᠃      ᠬᠡᠷ ᠬᠥᠷᠥᠩᠭᠡ᠄ ᠬᠡᠷ ᠬᠥᠷᠥᠩᠭᠡ ᠶᠢᠨ ᠦᠨᠡᠮᠯᠡᠯ ᠤᠨ ᠣᠭ ᠮᠠᠲ᠋ᠧᠷᠢᠶᠠᠯ ᠵᠢᠴᠢ ᠪᠠᠭᠤᠯᠭᠠᠪᠤᠷᠢ 1 ᠬᠤᠪᠢ᠃      ᠰᠤᠷᠭᠠᠭᠤᠯᠢ ᠶᠢᠨ ᠬᠠᠷᠢᠶ᠎ᠠ᠄ ᠰᠤᠷᠤᠯᠴᠠᠵᠤ ᠪᠠᠶᠢᠭ᠎ᠠ ᠪᠠᠭ᠎ᠠ ᠰᠤᠷᠭᠠᠭᠤᠯᠢ ᠳᠤ ︽ᠪᠥᠬᠦ ᠤᠯᠤᠰ ᠤᠨ ᠡᠯᠧᠺᠲᠷᠣᠨ ᠰᠤᠷᠭᠠᠭᠤᠯᠢ ᠶᠢᠨ ᠬᠠᠷᠢᠶ᠎ᠠ ᠶᠢᠨ ᠬᠦᠰᠦᠨᠦᠭᠲᠦ︾ ᠶᠢ ᠳᠠᠷᠤᠮᠠᠯᠯᠠᠬᠤ ᠶᠢᠨ ᠬᠠᠮᠲᠤ ᠰᠤᠷᠤᠯᠴᠠᠵᠤ ᠪᠠᠶᠢᠭ᠎ᠠ ᠪᠠᠭ᠎ᠠ ᠰᠤᠷᠭᠠᠭᠤᠯᠢ ᠶᠢᠨ ᠠᠯᠪᠠᠨ ᠲᠠᠮᠠᠭ᠎ᠠ ᠶᠢ ᠳᠠᠷᠤᠨ᠎ᠠ᠃      ᠰᠡᠭᠦᠳᠡᠷ᠄ ᠰᠤᠷᠤᠭᠴᠢ ᠶᠢᠨ ᠲᠤᠰ ᠪᠡᠶ᠎ᠡ ᠶᠢᠨ ᠣᠶᠢᠷ᠎ᠠ ᠶᠢᠨ ᠬᠤᠭᠤᠴᠠᠭᠠᠨ ᠳᠤ ᠮᠠᠯᠠᠭᠠᠶ ᠦᠭᠡᠶ ᠴᠠᠭᠠᠨ ᠳᠡᠪᠢᠰᠬᠡᠷ ᠲᠠᠢ ᠬᠤᠶᠠᠷ ᠢᠮᠠᠬᠤ ᠶᠢᠨ ᠪᠤᠳᠤᠭᠲᠤ ᠰᠡᠭᠦᠳᠡᠷ 1 ᠬᠤᠪᠢ᠃      ᠬᠠᠯᠠᠭᠤᠨ ᠳᠣᠲᠣᠨᠣ ᠰᠠᠨᠠᠭᠤᠯᠤᠮᠵᠢ᠄ ᠬᠡᠷ ᠤᠨ ᠠᠬᠠᠮᠠᠳ ᠳ᠋ᠢᠩ ᠳ᠋ᠢᠩ APP ᠶᠢ ᠤᠷᠢᠳᠴᠢᠯᠠᠨ ᠪᠠᠭᠤᠯᠭᠠᠵᠤ ᠳᠠᠩᠰᠠᠯᠠᠭᠤᠯᠬᠤ ᠶᠢ ᠪᠡᠶᠡᠯᠡᠭᠦᠯᠬᠦ ᠬᠡᠷᠡᠭᠲᠡᠶ᠃      ︵ᠬᠤᠶᠠᠷ︶ ᠬᠢᠨᠠᠨ ᠰᠢᠯᠭᠠᠬᠤ ᠴᠠᠭ      2024 ᠣᠨ ᠤ 4 ᠳ᠋ᠤᠭᠡᠷ ᠰᠠᠷ᠎ᠠ ᠶᠢᠨ 18 ᠤ ᠡᠳᠦᠷ᠂ 19 ᠤ ᠡᠳᠦᠷ ᠲᠥᠪᠯᠡᠷᠡᠭᠦᠯᠦᠨ ᠬᠢᠨᠠᠨ ᠬᠠᠷᠭᠤᠭᠤᠯᠤᠨ᠎ᠠ᠂ ᠬᠡᠷ ᠤᠨ ᠠᠬᠠᠮᠠᠳ ᠬᠡᠷᠪᠡ ᠣᠨᠴᠠᠭᠠᠶ ᠪᠠᠶᠢᠳᠠᠯ ᠳᠤᠬᠢᠶᠠᠯᠳᠤᠵᠤ ᠲᠥᠪᠯᠡᠷᠡᠭᠦᠯᠦᠨ ᠬᠢᠨᠠᠨ ᠬᠠᠷᠭᠤᠭᠤᠯᠬᠤ ᠳᠤ ᠣᠷᠣᠯᠴᠠᠵᠤ ᠳᠡᠶᠢᠯᠬᠦ ᠥᠬᠡᠶ ᠪᠣᠯ᠂ 2024 ᠣᠨ ᠤ 4 ᠳ᠋ᠤᠭᠡᠷ ᠰᠠᠷ᠎ᠠ ᠶᠢᠨ 22 ᠤᠨ ᠡᠳᠦᠷ ᠠᠴᠠ 26 ᠤ ᠡᠳᠦᠷ ᠪᠣᠯᠲᠠᠯ᠎ᠠ ᠬᠢᠨᠠᠨ ᠬᠠᠷᠭᠤᠭᠤᠯᠵᠤ ᠪᠣᠯᠤᠨ᠎ᠠ᠃      ᠦᠳᠡ ᠶᠢᠨ ᠡᠮᠦᠨ᠎ᠡ᠄ 9᠄ 00 — 11᠄ 30      ᠦᠳᠡ ᠶᠢᠨ ᠬᠤᠶᠢᠨ᠎ᠠ᠄ 14᠄ 30 — 17᠄ 00      ︵ᠭᠤᠷᠪᠠ︶ ᠬᠢᠨᠠᠨ ᠰᠢᠯᠭᠠᠬᠤ ᠭᠠᠵᠠᠷ ᠵᠢᠴᠢ ᠠᠰᠠᠭᠤᠨ ᠯᠠᠪᠯᠠᠬᠤ ᠤᠲᠠᠰᠤ      ᠬᠢᠨᠠᠨ ᠰᠢᠯᠭᠠᠬᠤ ᠭᠠᠵᠠᠷ᠄ ᠢᠦᠶ ᠴᠢᠤᠸᠠᠨ ᠲᠣᠭᠤᠷᠢᠭ ᠤᠨ ᠰᠤᠷᠭᠠᠨ ᠬᠥᠮᠦᠵᠢᠯ ᠤᠨ ᠲᠣᠪᠴᠢᠶ᠎ᠠ ᠶᠢᠨ ᠰᠤᠷᠭᠠᠨ ᠬᠥᠮᠦᠵᠢᠯ ᠤᠨ ᠦᠢᠯᠡᠴᠢᠯᠡᠭᠡᠨ ᠤ ᠶᠡᠭᠡ ᠲᠢᠩᠬᠢᠮ ︵ᠨᠢᠭᠡᠳᠦᠭᠡᠷ ᠳᠠᠪᠬᠤᠷᠯᠢᠭ ᠤᠨ ᠪᠠᠷᠠᠭᠤᠨ ᠶᠡᠭᠡ ᠲᠢᠩᠬᠢᠮ︶      ᠯᠠᠪᠯᠠᠬᠤ ᠤᠲᠠᠰᠤ᠄ 0471 — 5974190             ᠢᠦᠢ ᠴᠢᠤᠸᠠᠨ ᠲᠣᠭᠤᠷᠢᠭ ᠤᠨ ᠰᠤᠷᠭᠠᠨ ᠬᠥᠮᠦᠵᠢᠯ ᠤᠨ ᠲᠣᠪᠴᠢᠶ᠎ᠠ                          2024 ᠣᠨ ᠤ 3 ᠳ᠋ᠤᠭᠠᠷ ᠰᠠᠷ᠎ᠠ ᠶᠢᠨ 16 ᠤ ᠡᠳᠦᠷ               ᠢᠷᠡᠯᠲᠡ᠄ ︽ᠠᠮᠢᠵᠢᠷᠠᠯ ᠪᠢᠯᠬᠠᠭᠰᠠᠨ ᠢᠦᠢ ᠴᠢᠤᠸᠠᠨ︾ ᠸᠢᠴᠠᠲ ᠤᠨ ᠨᠡᠶᠢᠲᠡ ᠶᠢᠨ ᠳ᠋ᠤᠭᠠᠷ    
 
ᠢᠷᠡᠯᠲᠡ᠄ ᠢᠦᠢ ᠴᠢᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号