ᠳᠤᠮᠳᠠᠳᠤ ᠤᠯᠤᠰ ᠤᠨ ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠲᠥᠪ ︵CNNIC︶ 22 ᠤᠨ | ᠡᠳᠦᠷ ᠪᠡᠭᠡᠵᠢᠩ ᠳᠤ 53 ᠳ᠋ᠤᠭᠠᠷ ᠤᠳᠠᠭ᠎ᠠ ᠶᠢᠨ ︽ᠳᠤᠮᠳᠠᠳᠤ ᠤᠯᠤᠰ ᠤᠨ ᠢᠨᠲ᠋ᠧᠷ ᠰᠦᠯᠵᠢᠶᠡᠨ ᠤ | ᠬᠥᠭᠵᠢᠯᠲᠡ ᠶᠢᠨ ᠪᠠᠶᠢᠳᠠᠯ ᠤᠨ ᠪᠦᠷᠢᠳᠬᠡᠯ ᠤᠨ ᠮᠡᠳᠡᠭᠦᠯᠦᠯᠲᠡ︾ ᠶᠢ ᠨᠡᠶᠢᠲᠡᠯᠡᠪᠡ᠃ ᠮᠡᠳᠡᠭᠦᠯᠦᠯᠲᠡ ᠳᠤ | ᠬᠠᠷᠠᠭᠤᠯᠤᠭᠰᠠᠨ ᠢᠶᠠᠷ᠂ 2023 ᠣᠨ ᠤ 12 ᠰᠠᠷ᠎ᠠ ᠪᠤᠯᠲᠠᠯ᠎ᠠ᠂ ᠮᠠᠨ ᠤ ᠤᠯᠤᠰ ᠤᠨ ᠰᠦᠯᠵᠢᠶᠡᠨ ᠢᠷᠭᠡᠨ ᠤ | ᠲᠤᠭ᠎ᠠ 10.92 ᠳ᠋ᠦᠩᠰᠢᠭᠤᠷ ᠲᠤ ᠬᠦᠷᠴᠦ᠂ 2022 ᠣᠨ ᠤ 12 ᠰᠠᠷ᠎ᠠ ᠶᠢᠨ ᠬᠢ ᠠᠴᠠ 2480 ᠲᠦᠮᠡᠨ | ᠰᠦᠯᠵᠢᠶᠡᠨ ᠢᠷᠭᠡᠨ ᠰᠢᠨ᠎ᠡ ᠪᠠᠷ ᠨᠡᠮᠡᠭᠳᠡᠵᠦ᠂ ᠢᠨᠲ᠋ᠧᠷ ᠰᠦᠯᠵᠢᠶᠡᠨ ᠤ ᠲᠦᠭᠡᠮᠡᠯᠵᠢᠭᠰᠡᠨ ᠨᠣᠷᠮ᠎ᠠ 77.5% ᠳᠤ | ᠬᠦᠷᠴᠡᠢ᠃ | ᠰᠦᠯᠵᠢᠶᠡᠨ ᠤ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ᠂ 2023 | ᠣᠨ ᠤ 12 ᠰᠠᠷ᠎ᠠ ᠪᠤᠯᠲᠠᠯ᠎ᠠ᠂ IPv6 ᠶᠢᠨ ᠬᠠᠶ᠋ᠢᠭ ᠤᠨ ᠲᠤᠭ᠎ᠠ ᠨᠢ 68042 ᠬᠡᠰᠡᠭ / 32 ᠪᠠᠶᠢᠵᠤ᠂ | ᠤᠯᠤᠰ ᠤᠨ ᠳᠡᠭᠡᠳᠦ ᠲᠠᠰ ᠤᠨ ᠰᠦᠯᠵᠢᠶᠡᠨ ᠤ ᠨᠡᠷ᠎ᠡ ︽.CN︾ ᠶᠢᠨ ᠲᠤᠭ᠎ᠠ ᠨᠢ 2013 ᠲᠦᠮᠡ ᠪᠠᠶᠢᠵᠤ᠂ | ᠢᠨᠲ᠋ᠧᠷ ᠰᠦᠯᠵᠢᠶᠡᠨ ᠤ ᠥᠷᠭᠡᠨ ᠪᠦᠰᠡ ᠶᠢᠨ ᠵᠠᠯᠭᠠᠯᠲᠠ ᠶᠢᠨ ᠦᠵᠦᠭᠦᠷᠯᠢᠭ ᠤᠨ ᠲᠤᠭ᠎ᠠ ᠨᠢ 11.36 | ᠳ᠋ᠦᠩᠰᠢᠭᠤᠷ ᠲᠤ ᠭᠦᠷᠴᠡᠶ᠃ 5G ᠰᠠᠭᠤᠷᠢ ᠥᠷᠲᠡᠭᠡ ᠶᠢ ᠨᠡᠶᠢᠲᠡ 337.7 ᠲᠦᠮᠡ ᠪᠠᠶᠢᠭᠤᠯᠵᠤ᠂ ᠪᠤᠶ ᠪᠦᠬᠦᠢ | ᠲᠤᠰᠬᠠᠢ ᠣᠷᠣᠨ ᠤ ᠲᠠᠰ ᠤᠨ ᠬᠤᠲᠠ ᠶᠢᠨ ᠲᠣᠭᠤᠷᠢᠭ᠂ ᠰᠢᠶᠠᠨ ᠤ ᠬᠤᠲᠠ ᠶᠢᠨ ᠲᠣᠭᠤᠷᠢᠭ ᠢ ᠬᠠᠮᠤᠷᠪᠠ᠃ 5G | ᠪᠠ ᠮᠢᠩᠭᠠᠨ ᠮᠧᠭ᠎ᠠ ᠭᠡᠷᠡᠯᠯᠢᠭ ᠰᠦᠯᠵᠢᠶ᠎ᠡ ᠪᠠᠷ ᠪᠦᠷᠢᠯᠳᠦᠭᠰᠡᠨ ︽ᠬᠤᠣᠰ ᠮᠢᠩᠭᠠᠨ ᠮᠧᠭ᠎ᠠ︾ ᠶᠢᠨ ᠰᠦᠯᠵᠢᠶ᠎ᠡ ᠨᠢ | ᠣᠶᠤᠨᠲᠤ ᠦᠢᠯᠡᠳᠬᠦ ᠦᠢᠯᠡᠰ᠂ ᠣᠶᠤᠨᠲᠤ ᠬᠤᠲᠠ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ᠂ | ᠰᠣᠶᠣᠯ ᠵᠢᠭᠤᠯᠴᠢᠯᠠᠯ ᠵᠡᠷᠭᠡ ᠡᠯ᠎ᠡ ᠬᠦᠷᠢᠶᠡᠨ ᠳᠠᠬᠢ ᠰᠢᠨ᠎ᠡ ᠶᠢ ᠡᠭᠦᠳᠦᠨ ᠬᠥᠭᠵᠢᠬᠦ ᠶᠢ ᠪᠦᠭᠦ ᠲᠠᠯ᠎ᠠ ᠪᠠᠷ | ᠳᠠᠶᠢᠴᠢᠯᠠᠪᠠ᠃ | ᠮᠡᠳᠡᠭᠦᠯᠦᠯᠲᠡ ᠳᠤ᠂ 2023 ᠣᠨ ᠳᠤ᠂ ᠮᠠᠨ ᠤ ᠤᠯᠤᠰ ᠮᠡᠳᠡᠭᠡ ᠵᠠᠩᠭᠢᠵᠢᠯᠲᠠ ᠶᠢᠨ ᠦᠢᠯᠡᠴᠢᠯᠡᠭᠡ ᠶᠢ | ᠲᠦᠭᠡᠮᠡᠯᠵᠢᠭᠦᠯᠬᠦ ᠶᠢ ᠦᠷᠭᠦᠯᠵᠢᠯᠡᠨ ᠲᠦᠷᠭᠡᠳᠬᠡᠵᠦ᠂ ᠲᠣᠭᠠᠨ ᠤ ᠵᠥᠷᠢᠶ᠎ᠡ ᠵᠠᠭᠠᠭ ᠢ ᠪᠠᠭᠠᠰᠬᠠᠪᠠ᠃ ᠤᠯᠠᠨ | ᠨᠡᠶᠢᠲᠡ ᠶᠢᠨ ᠦᠢᠯᠡᠴᠢᠯᠡᠭᠡᠨ ᠤ ᠲᠦᠷᠦᠯ ᠤᠨ ᠬᠡᠷᠡᠭᠯᠡᠭᠡ ᠶᠢ ᠪᠦᠷᠬᠦᠭᠦᠯᠬᠦ ᠶᠢ ᠲᠦᠷᠭᠡᠳᠬᠡᠵᠦ᠂ ᠰᠦᠯᠵᠢᠶ᠎ᠡ ᠪᠠᠷ | ᠲᠦᠷᠢᠶᠡᠰᠦᠨ ᠲᠡᠷᠭᠡ ᠪᠣᠯᠵᠣᠬᠤ᠂ ᠢᠨᠲ᠋ᠧᠷ ᠰᠦᠯᠵᠢᠶᠡᠨ ᠤ ᠡᠮᠴᠢᠯᠡᠭᠡᠨ ᠤ ᠬᠡᠷᠡᠭᠯᠡᠭᠴᠢ ᠶᠢᠨ ᠬᠡᠪᠴᠢᠶ᠎ᠡ ᠢᠯᠡᠳᠲᠡ | ᠨᠡᠮᠡᠭᠳᠡᠵᠦ᠂ 2022 ᠣᠨ ᠤ 12 ᠰᠠᠷ᠎ᠠ ᠶᠢᠨ ᠬᠢ ᠠᠴᠠ ᠲᠤᠰ ᠲᠤᠰ 9057 ᠲᠦᠮᠡᠨ ᠬᠥᠮᠥᠨ᠂ 5139 | ᠲᠦᠮᠡᠨ ᠬᠥᠮᠥᠨ ᠨᠡᠮᠡᠭᠳᠡᠵᠦ᠂ ᠨᠡᠮᠡᠭᠳᠡᠯ ᠤᠨ ᠨᠤᠷᠮ᠎ᠠ ᠨᠢ ᠲᠤᠰ ᠲᠤᠰ 20.7%᠂ 14.2% ᠪᠣᠯᠪᠠ᠃ | ᠣᠶᠤᠨᠲᠤ ᠠᠶᠠᠯᠠᠯ᠂ ᠣᠶᠤᠨᠲᠤ ᠡᠮᠴᠢᠯᠡᠭᠡ ᠵᠡᠷᠭᠡ ᠶᠢᠨ ᠦᠷᠭᠦᠯᠵᠢᠯᠡᠬᠦ ᠬᠥᠭᠵᠢᠯᠲᠡ ᠨᠢ ᠰᠦᠯᠵᠢᠶᠡᠨ ᠢᠷᠭᠡᠨ ᠤ | ᠲᠣᠭᠠᠴᠢᠯᠠᠭᠰᠠᠨ ᠠᠮᠢᠳᠤᠷᠠᠯ ᠢ ᠨᠡᠩ ᠵᠣᠯ ᠵᠢᠷᠭᠠᠯ ᠲᠠᠢ ᠪᠣᠯᠭᠠᠵᠠᠢ ᠭᠡᠵᠦ ᠵᠢᠭᠠᠵᠤ ᠭᠠᠷᠭᠠᠪᠠ᠃ | ᠡᠭᠦᠨ ᠤ ᠵᠡᠷᠭᠡ ᠪᠠᠷ᠂ ᠮᠠᠨ ᠤ ᠤᠯᠤᠰ ᠤᠨ ᠢᠨᠲ᠋ᠧᠷ ᠰᠦᠯᠵᠢᠶᠡᠨ ᠤ ᠬᠡᠷᠡᠭᠯᠡᠭᠡ ᠦᠷᠭᠦᠯᠵᠢᠯᠡᠨ ᠬᠥᠭᠵᠢᠵᠦ᠂ | ᠰᠢᠨ᠎ᠡ ᠮᠠᠶ᠋ᠢᠭ ᠤᠨ ᠬᠡᠷᠡᠭᠯᠡᠭᠡᠨ ᠤ ᠳᠠᠯᠳᠠ ᠬᠦᠴᠦᠨ ᠬᠥᠭᠵᠢᠨ ᠪᠠᠳᠠᠷᠠᠵᠤ ᠪᠠᠶᠢᠨ᠎ᠠ᠃ ᠮᠡᠳᠡᠭᠦᠯᠦᠯᠲᠡ ᠳᠤ | ᠬᠠᠷᠠᠭᠤᠯᠤᠭᠰᠠᠨ ᠢᠶᠠᠷ᠂ 2023 ᠣᠨ ᠤ 12 ᠰᠠᠷ᠎ᠠ ᠪᠤᠯᠲᠠᠯ᠎ᠠ᠂ ᠰᠦᠯᠵᠢᠶᠡᠨ ᠳᠡᠭᠡᠷᠡᠬᠢ ᠵᠢᠭᠤᠯᠴᠢᠯᠠᠯ ᠤᠨ | ᠤᠷᠢᠳᠴᠢᠯᠠᠨ ᠵᠠᠬᠢᠶᠠᠯᠠᠭᠰᠠᠨ ᠬᠡᠷᠡᠭᠯᠡᠭᠴᠢ ᠶᠢᠨ ᠬᠡᠪᠴᠢᠶ᠎ᠡ 5.09 ᠳ᠋ᠦᠩᠰᠢᠭᠤᠷ ᠲᠤ ᠬᠦᠷᠴᠦ᠂ 2022 ᠣᠨ ᠤ | 12 ᠰᠠᠷ᠎ᠠ ᠶᠢᠨ ᠬᠢ ᠠᠴᠠ 8629 ᠲᠦᠮᠡᠨ ᠬᠥᠮᠥᠨ ᠨᠡᠮᠡᠭᠳᠡᠨ᠂ ᠨᠡᠮᠡᠭᠳᠡᠯ ᠤᠨ ᠨᠣᠷᠮ᠎ᠠ ᠨᠢ 20.4% ᠳᠤ | ᠬᠦᠷᠴᠡᠢ᠃ ᠭᠦᠨᠵᠡᠭᠡᠢ ᠪᠡᠶᠡᠴᠢᠯᠡᠨ ᠣᠶᠢᠯᠠᠭᠠᠬᠤ ᠮᠠᠶ᠋ᠢᠭ ᠤᠨ ᠵᠢᠭᠤᠯᠴᠢᠯᠠᠯ᠂ ᠰᠣᠶᠣᠯ ᠵᠢᠭᠤᠯᠴᠢᠯᠠᠯ ᠵᠡᠷᠭᠡ ᠪᠠᠷ | ᠣᠨᠴᠠᠯᠢᠭ ᠪᠤᠯᠭᠠᠬᠰᠠᠨ ᠰᠣᠶᠣᠯ ᠵᠢᠭᠤᠯᠴᠢᠯᠠᠯ ᠨᠢ ᠶᠠᠭ ᠡᠯ᠎ᠡ ᠭᠠᠵᠠᠷ ᠤᠨ ᠢᠳᠡᠪᠬᠢᠲᠡᠢ ᠪᠠᠷ ᠪᠤᠶᠢᠵᠢᠭᠤᠯᠬᠤ | ᠬᠡᠷᠡᠭᠯᠡᠭᠡ ᠶᠢᠨ ᠨᠡᠮᠡᠭᠳᠡᠯ ᠤᠨ ᠴᠡᠭ ᠪᠣᠯᠵᠤ ᠪᠠᠶᠢᠨ᠎ᠠ᠃ ᠡᠭᠦᠨ ᠠᠴᠠ ᠭᠠᠳᠠᠨ᠎ᠠ᠂ ᠤᠯᠤᠰ ᠤᠨ ᠪᠠᠷᠠᠭᠠᠨ ᠤ ︽ | ᠤᠷᠤᠰᠬᠠᠯ ᠪᠣᠯᠤᠭᠰᠠᠨ ᠦᠢᠯᠡᠳᠬᠦᠨ︾ ᠨᠢ ᠦᠷᠭᠦᠯᠵᠢᠯᠡᠨ ᠰᠠᠭᠤᠭᠠᠯᠢ ᠠᠷᠠᠳ ᠤᠨ ᠰᠦᠯᠵᠢᠶᠡᠨ ᠳᠡᠭᠡᠷ᠎ᠡ ᠠᠴᠠ | ᠬᠤᠳᠠᠯᠳᠤᠨ ᠠᠪᠬᠤ ᠬᠡᠷᠡᠭᠯᠡᠭᠡ ᠶᠢᠨ ᠴᠢᠬᠤᠯᠠ ᠪᠦᠷᠢᠯᠳᠦᠭᠦᠨ ᠪᠣᠯᠵᠤ᠂ ᠣᠶᠢᠷ᠎ᠠ ᠶᠢᠨ ᠬᠠᠭᠠᠰ ᠵᠢᠯ ᠳᠤ ᠰᠦᠯᠵᠢᠶᠡᠨ | ᠳᠡᠭᠡᠷ᠎ᠡ ᠠᠴᠠ ᠤᠯᠤᠰ ᠤᠨ ᠪᠠᠷᠠᠭᠠᠨ ᠤ ︽ᠤᠷᠤᠰᠬᠠᠯ ᠪᠣᠯᠤᠭᠰᠠᠨ ᠦᠢᠯᠡᠳᠬᠦᠨ︾ ᠬᠤᠳᠠᠯᠳᠤᠨ ᠠᠪᠤᠭᠰᠠᠨ | ᠬᠡᠷᠡᠭᠯᠡᠭᠴᠢ ᠶᠢᠨ ᠡᠵᠡᠯᠡᠬᠦ ᠬᠠᠷᠢᠴᠠᠯ ᠨᠢ 58.3% ᠳᠤ ᠬᠦᠷᠴᠡᠢ᠃ | ᠣᠶᠢᠯᠠᠭᠠᠭᠰᠠᠨ ᠢᠶᠠᠷ᠂ 1997 ᠣᠨ ᠠᠴᠠ ᠡᠬᠢᠯᠡᠨ᠂ CNNIC ᠠᠴᠠ ᠳᠤᠮᠳᠠᠳᠤ ᠤᠯᠤᠰ ᠤᠨ ᠢᠨᠲ᠋ᠧᠷ | ᠰᠦᠯᠵᠢᠶᠡᠨ ᠤ ᠬᠥᠭᠵᠢᠯᠲᠡ ᠶᠢᠨ ᠪᠠᠶᠢᠳᠠᠯ ᠤᠨ ᠲᠤᠬᠠᠢ ᠪᠠᠶᠢᠴᠠᠭᠠᠯᠲᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ | ᠵᠢᠯ ᠪᠦᠷᠢ ᠶᠢᠨ ᠵᠢᠯ ᠤᠨ ᠡᠬᠢᠨ ᠳᠤ ᠪᠠ ᠵᠢᠯ ᠤᠨ ᠳᠤᠮᠳᠠᠴᠢ ᠪᠠᠷ ᠲᠣᠭᠲᠠᠮᠠᠯ ᠬᠤᠭᠤᠴᠠᠭ᠎ᠠ ᠲᠠᠢ ᠪᠠᠷ ᠮᠡᠳᠡᠭᠦᠯᠦᠯᠲᠡ | ᠨᠡᠶᠢᠲᠡᠯᠡᠬᠦ ᠵᠤᠷᠰᠢᠯ ᠢ ᠪᠤᠶ ᠪᠤᠯᠭᠠᠵᠤ᠂ ᠮᠠᠨ ᠤ ᠤᠯᠤᠰ ᠤᠨ ᠵᠠᠰᠠᠭ ᠤᠨ ᠣᠷᠳᠣᠨ ᠤ ᠰᠠᠯᠠᠭ᠎ᠠ ᠮᠥᠴᠢᠷ᠂ | ᠤᠯᠤᠰ ᠤᠨ ᠳᠣᠲᠣᠭᠠᠳᠤ ᠭᠠᠳᠠᠭᠠᠳᠤ ᠶᠢᠨ ᠠᠵᠢᠯ ᠲᠥᠷᠥᠯ ᠤᠨ ᠪᠠᠶᠢᠭᠤᠯᠤᠮᠵᠢ᠂ ᠲᠤᠰᠬᠠᠢ ᠮᠡᠷᠭᠡᠵᠢᠯᠲᠡᠨ | ᠡᠷᠳᠡᠮᠲᠡᠨ ᠨᠠᠷ ᠤᠨ ᠳᠤᠮᠳᠠᠳᠤ ᠤᠯᠤᠰ ᠤᠨ ᠢᠨᠲ᠋ᠧᠷ ᠰᠦᠯᠵᠢᠶᠡᠨ ᠤ ᠬᠥᠭᠵᠢᠯᠲᠡ ᠶᠢᠨ ᠪᠠᠶᠢᠳᠠᠯ ᠢ ᠣᠶᠢᠯᠠᠭᠠᠬᠤ | ᠴᠢᠬᠤᠯᠠ ᠯᠠᠪᠯᠠᠯᠲᠠ ᠪᠣᠯᠤᠭᠰᠠᠨ ᠪᠠᠶᠢᠨ᠎ᠠ᠃ ︵ᠰᠢᠨᠬᠤᠸᠠ ᠬᠤᠷᠢᠶ᠎ᠠ ᠶᠢᠨ ᠪᠡᠭᠡᠵᠢᠩ ᠤᠨ 3 ᠰᠠᠷ᠎ᠠ ᠶᠢᠨ 22 ᠤᠨ | ᠴᠠᠭᠢᠯᠭᠠᠨ ᠮᠡᠳᠡᠭᠡ︶ |