ᠬᠤᠲᠠᠨ ᠤ ᠰᠢᠪᠠᠭᠤᠳ ᠮᠢᠨᠢ
ᠨᠡᠶᠢᠲᠡᠯᠡᠭᠰᠡᠨ ᠴᠠᠭ᠄
2024/4/29
                  ᠤᠳ᠋ᠪᠠᠯ᠎ᠠ      ᠬᠤᠨᠢᠳ ᠰᠤᠪᠤᠷᠤᠨ ᠪᠡᠯᠴᠢᠵᠦ ᠭᠠᠷᠬᠤ ᠳᠤ      ᠬᠤᠶᠢᠨ᠎ᠠ ᠨᠢ ᠬᠤᠴᠣᠷᠤᠭᠠᠳ ᠵᠢᠷᠭᠢᠯᠳᠦᠳᠡᠭ ᠰᠢᠪᠠᠭᠤᠬᠠᠢ      ᠬᠡᠳᠦ ᠬᠡᠳᠦ ᠪᠠᠷ ᠢᠶᠠᠨ ᠭᠠᠵᠠᠷ ᠬᠤᠩᠬᠤᠶᠢᠯᠠᠨ ᠦᠢᠮᠡᠯᠳᠦᠵᠦ      ᠬᠤᠲᠠᠨ ᠤ ᠲᠣᠭᠤᠰᠣ ᠶᠢ ᠠᠮᠢᠯᠠᠭᠤᠯᠤᠨ ᠰᠠᠷᠨᠢᠭᠤᠯᠤᠨ᠎ᠠ      ᠪᠠᠭ᠎ᠠ ᠨᠠᠰᠤᠨ ᠳᠤ ᠪᠠᠨ ᠬᠥᠭᠡᠭᠡᠵᠦ ᠭᠦᠶᠦᠳᠡᠭ ᠰᠢᠪᠠᠭᠤᠬᠠᠢ ᠮᠢᠨᠢ      ᠪᠠᠶᠢᠭᠠᠯᠢ ᠶᠢᠨ ᠬᠤᠪᠢᠷᠠᠯᠲᠠ ᠳᠤ ᠨᠠᠳᠠ ᠠᠴᠠ ᠪᠠᠨ ᠶᠡᠷᠦ ᠬᠤᠯᠠᠳᠠᠭ᠎ᠠ ᠦᠭᠡᠢ      ᠨᠡᠷᠡᠲᠦ ᠳᠤ ᠵᠠᠶᠠᠭᠠᠭᠰᠠᠨ ᠥᠬᠢᠨ ᠵᠠᠶᠠᠭᠠᠨ ᠤ ᠲᠠᠪᠢᠯᠠᠩ ᠢᠶᠠᠷ      ᠨᠠᠳᠠ ᠶᠢ ᠳᠠᠭᠠᠵᠤ ᠬᠠᠷᠢᠯᠠᠵᠤ ᠢᠷᠡᠭᠰᠡᠨ ᠰᠢᠪᠠᠭᠤᠬᠠᠢ      ᠡᠪᠡᠳᠴᠦ ᠵᠣᠪᠠᠭ᠋ᠤ ᠶᠢ ᠮᠢᠨᠢ ᠮᠡᠳᠡᠳᠡᠭ ᠴᠤ ᠶᠤᠮ ᠪᠢᠯᠡ ᠤᠤ︖      ᠦᠬᠦᠯ ᠬᠠᠭᠠᠴᠠᠯ ᠢ ᠵᠢᠭᠰᠢᠳᠡᠭ ᠴᠤ ᠶᠤᠮ ᠪᠢᠯᠡ ᠤᠤ︖      ᠡᠳᠦᠷᠵᠢᠨ ᠡᠳᠦᠷᠵᠢᠨ ᠶᠠᠭᠠᠷᠠᠯᠲᠠᠢ ᠯᠡ ᠪᠠᠶᠢᠬᠤ ᠶᠤᠮ      ᠡᠳᠦᠷ ᠠᠴᠠ ᠡᠳᠦᠷ ᠲᠤ ᠨᠡᠮᠡᠭᠳᠡᠭᠡᠳ ᠯᠡ ᠪᠠᠶᠢᠳᠠᠭ ᠶᠤᠮ      ᠮᠦᠢᠯ ᠬᠠᠷ᠎ᠠ ᠨᠢᠳᠦ ᠶᠢᠨ ᠬᠢᠨᠢ ᠰᠡᠷᠡᠮᠵᠢᠲᠡᠢ ᠶᠢ ᠶᠠᠭᠠᠬᠢᠨ᠎ᠠ︕      ᠮᠢᠨᠳᠠᠰᠤᠨ ᠵᠥᠭᠡᠯᠡᠨ ᠬᠥᠳᠡᠯᠭᠡᠭᠡᠨ ᠤ ᠬᠢᠨᠢ ᠪᠤᠰᠢᠭᠤ ᠶᠢ ᠶᠠᠭᠠᠬᠢᠨ᠎ᠠ︕      ᠮᠢᠷᠠᠯᠵᠠᠨ ᠬᠠᠯᠢᠭᠤᠷᠠᠨ ᠪᠥᠵᠢᠭᠯᠡᠵᠦ ᠳᠠᠪᠠᠯᠭᠠᠯᠠᠬᠤ ᠨᠢ      ᠮᠠᠩᠨᠤᠭ ᠲᠠᠯ᠎ᠠ ᠶᠢᠨ ᠤᠰᠤᠨ ᠵᠡᠷᠭᠡᠯᠭᠡᠨ ᠬᠡᠮᠡᠷ      ᠬᠤᠶᠢᠮᠣᠷ ᠨᠢ ᠳᠤᠯᠠᠭᠠᠨ ᠪᠣᠯᠬᠤᠷ ᠠᠳᠡ ᠨᠤᠲᠤᠭᠰᠢᠳᠠᠭ ᠤᠤ︖      ᠬᠤᠲᠠ ᠳᠤ ᠮᠢᠨᠢ ᠡᠭᠦᠷᠯᠡᠭᠰᠡᠨ ᠪᠣᠯᠬᠤᠷ ᠨᠠᠳᠠ ᠬᠠᠨᠢᠰᠠᠳᠠᠭ ᠤᠤ︖      ᠰᠦᠷᠦᠭ ᠤᠨ ᠡᠵᠡᠭᠦᠢ ᠳᠤ ᠬᠤᠲᠠ ᠶᠢ ᠮᠢᠨᠢ ᠴᠢᠮᠡᠭᠯᠡᠨ      ᠰᠡᠳᠬᠢᠯ ᠡᠵᠡᠭᠦ᠋ᠢᠷᠡᠬᠦ ᠳᠤ ᠬᠠᠨᠢ ᠶᠢᠨ ᠪᠠᠷ᠎ᠠ ᠵᠢᠷᠤᠭᠯᠠᠨ᠎ᠠ      ᠬᠡᠯᠡ ᠪᠠᠷ ᠢᠶᠠᠨ ᠪᠢᠰᠢ ᠬᠤᠲᠠ ᠪᠠᠷ ᠢᠶᠠᠨ ᠢᠵᠢᠯᠢᠰᠢᠭᠰᠡᠨ ᠪᠢᠳᠡ      ᠬᠡᠵᠢᠶ᠎ᠡ ᠴᠤ ᠰᠠᠯᠤᠰᠢ ᠦᠭᠡᠢ ᠳᠣᠲᠣᠨᠣ ᠪᠠᠷᠢᠯᠳᠤᠯᠭ᠎ᠠ ᠲᠠᠢ      ᠨᠠᠷᠠᠯᠠᠭ ᠬᠤᠷᠸ᠎ᠠ ᠶᠢᠨ ᠰᠠᠶᠢᠬᠠᠨ ᠪᠦᠬᠦᠨ ᠢ ᠪᠡᠯᠭᠡᠰᠢᠶᠡᠨ      ᠨᠣᠮ ᠤᠨ ᠬᠠᠭᠤᠳᠠᠰᠤᠨ ᠳᠤ ᠮᠢᠨᠢ ᠰᠢᠯᠦᠭ ᠪᠣᠯᠤᠨ ᠵᠢᠷᠭᠢᠭᠡᠷᠡᠢ
 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号