ᠱᠢ ᠳ᠋ᠦᠩ ᠵᠠᠮ ᠤᠨ ᠵᠡᠭᠡᠯᠢ ᠭᠤᠳᠤᠮᠵᠢ ᠶᠢᠨ ᠬᠢᠨ ︽ᠬᠥᠬᠡᠬᠤᠲᠠ ᠶᠢᠨ ᠳᠤᠯᠠᠭᠠᠨ ᠡᠪᠦᠯ ᠤᠨ ᠤᠯᠠᠷᠢᠯ ᠳᠤ ᠵᠣᠯ ᠵᠢᠷᠭᠠᠯ ᠢ ᠭᠡᠷᠡᠯᠲᠦᠭᠦᠯᠬᠦ︾ ᠭᠤᠣᠯ ᠰᠡᠳᠦᠪᠲᠦ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2025/1/20
     ᠲᠦᠷᠦᠭᠦᠬᠡᠨ᠂ ᠱᠢ ᠳ᠋ᠦᠩ ᠵᠠᠮ ᠤᠨ ᠵᠡᠭᠡᠯᠢ ᠭᠤᠳᠤᠮᠵᠢ ᠶᠢᠨ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠭᠠᠵᠠᠷ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨ ᠵᠠᠭᠠᠯᠮᠠᠶᠢᠲᠠᠨ ᠤ ᠥᠷᠥᠰᠢᠶᠡᠯ ᠬᠠᠶᠢᠷᠠᠲᠤ ᠡᠵᠢ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠲᠠᠢ ᠬᠠᠮᠲᠤᠷᠠᠨ ︽ᠬᠥᠬᠡᠬᠤᠲᠠ ᠶᠢᠨ ᠳᠤᠯᠠᠭᠠᠨ ᠡᠪᠦᠯ ᠤᠨ ᠤᠯᠠᠷᠢᠯ ᠳᠤ ᠵᠣᠯ ᠵᠢᠷᠭᠠᠯ ᠢ ᠭᠡᠷᠡᠯᠲᠦᠭᠦᠯᠬᠦ︾ ᠴᠠᠭᠠᠨ ᠰᠠᠷ᠎ᠠ ᠳᠤ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯᠴᠢᠨ ᠢ ᠲᠤᠬᠤᠨᠢᠭᠤᠯᠵᠤ ᠵᠦᠩᠨᠡᠯ ᠳᠡᠪᠰᠢᠭᠦᠯᠬᠦ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠥᠷᠨᠢᠭᠦᠯᠵᠦ᠂ ᠬᠠᠶᠢᠷ᠎ᠠ ᠬᠠᠯᠠᠮᠵᠢ ᠶᠢ ᠨᠢᠭᠡᠳᠦᠭᠡᠷ ᠹᠷᠣᠨᠲ ᠤᠨ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯᠴᠢᠨ ᠤ ᠭᠠᠷ ᠲᠤ ᠬᠦᠷᠭᠡᠵᠡᠶ᠃
     ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠠᠵᠢᠯᠲᠠᠳ ᠵᠢᠴᠢ ᠰᠠᠶᠢᠨ ᠳᠤᠷ᠎ᠠ ᠶᠢᠨ ᠦᠢᠯᠡᠴᠢᠯᠡᠭᠴᠢᠳ 40 ᠭᠠᠷᠤᠢ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯᠴᠢᠳ ᠲᠤ ᠪᠠᠶᠠᠷ ᠤᠨ ᠡᠳᠦᠷ ᠤᠨ ᠵᠥᠩᠨᠡᠯ ᠪᠣᠯᠤᠨ ᠴᠢᠩ ᠰᠡᠳᠬᠢᠯ ᠤᠨ ᠮᠡᠨᠳᠦᠴᠢᠯᠡᠯ ᠬᠦᠷᠭᠡᠵᠦ᠂ ᠤᠯᠠᠨ ᠢ ᠬᠠᠬᠢᠷ ᠬᠦᠢᠳᠡᠨ ᠡᠪᠦᠯ ᠤᠨ ᠡᠳᠦᠷ ᠲᠤ ᠳᠤᠯᠠᠭᠠᠯᠠᠬᠤ ᠶᠢ ᠠᠩᠬᠠᠷᠴᠤ᠂ ᠥᠪᠡᠷ ᠤᠨ ᠪᠡᠶ᠎ᠡ ᠪᠠᠨ ᠬᠢᠴᠢᠶᠡᠬᠦ ᠶᠢᠨ ᠬᠠᠮᠲᠤ ᠬᠦᠵᠦᠭᠦᠨ ᠤ ᠤᠷᠢᠶᠠᠯᠲᠠ᠂ ᠪᠡᠭᠡᠯᠡᠢ᠂ ᠬᠤᠣᠰ ᠤᠶᠠᠩᠭ᠎ᠠ ᠶᠢ ᠲᠡᠳᠡᠨ ᠳᠤ ᠭᠠᠷᠳᠠᠭᠤᠯᠵᠠᠢ᠃ ᠲᠡᠳᠡ ᠲᠣᠬᠤᠨᠢᠭᠤᠯᠬᠤ ᠪᠣᠳᠠᠰ ᠢ ᠲᠤᠰᠬᠤ ᠦᠶ᠎ᠡ ᠳᠤ ᠪᠠᠰᠠ ᠨᠡᠶᠢᠭᠡᠮ ᠠᠴᠠ ᠣᠯᠭᠤᠭᠰᠠᠨ ᠬᠠᠯᠠᠮᠵᠢᠯᠠᠯ ᠪᠠ ᠬᠦᠨᠳᠦᠳᠬᠡᠯ ᠢ ᠲᠤᠰᠴᠤ᠂ ᠬᠡᠳᠦ᠋ᠢᠪᠡᠷ ᠰᠢᠷᠭᠠᠭᠤ ᠬᠠᠲᠠᠭᠤᠵᠢᠯᠲᠠᠢ ᠠᠵᠢᠯᠯᠠᠵᠤ ᠪᠠᠶᠢᠪᠠᠴᠤ ᠨᠡᠶᠢᠭᠡᠮ ᠤᠨ ᠡᠯ᠎ᠡ ᠡᠲᠡᠭᠡᠳ ᠤᠨ ᠬᠠᠯᠠᠮᠵᠢᠯᠠᠯ ᠢ ᠣᠯᠵᠤ᠂ ᠲᠡᠳᠡ ᠲᠦᠢᠯ ᠢᠶᠠᠷ ᠪᠠᠶᠠᠷᠯᠠᠵᠤ᠂ ᠨᠡᠩ ᠬᠥᠳᠡᠯᠭᠡᠬᠦ ᠬᠦᠴᠦᠨ ᠲᠠᠢ ᠠᠵᠢᠯ ᠤᠨ ᠪᠠᠶᠢᠷᠢ ᠪᠠᠨ ᠪᠠᠲᠤ ᠰᠠᠬᠢᠵᠤ᠂ ᠬᠤᠳᠠ ᠶᠢᠨ ᠦᠵᠡᠰᠬᠦᠯᠡᠩᠲᠦ ᠰᠠᠶᠢᠬᠠᠨ ᠴᠡᠪᠡᠷ ᠲᠡᠭᠰᠢ ᠪᠠᠶᠢᠬᠤ ᠶᠢ ᠬᠠᠮᠠᠭᠠᠯᠠᠬᠤ ᠳᠤ ᠦᠷᠭᠦᠯᠵᠢᠯᠡᠨ ᠬᠦᠴᠦᠨ ᠴᠢᠳᠠᠯ ᠢᠶᠠᠨ ᠡᠷᠭᠦᠨ᠎ᠡ ᠭᠡᠵᠦ ᠢᠯᠡᠳᠬᠡᠵᠡᠭᠡᠪᠡ᠃
     ᠲᠣᠰ ᠤᠳᠠᠭᠠᠨ ᠤ ᠠᠵᠢᠯᠯᠠᠭ᠎ᠠ ᠨᠢ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯᠲᠠᠨ ᠳᠤ ᠡᠪᠦᠯ ᠤᠨ ᠡᠳᠦᠷ ᠤᠨ ᠬᠠᠯᠠᠭᠤᠨ ᠳᠤᠯᠠᠭᠠᠨ ᠢ ᠬᠦᠷᠭᠡᠭᠰᠡᠨ ᠢᠶᠠᠷ ᠪᠠᠷᠠᠬᠤ ᠥᠬᠡᠶ᠂ ᠪᠠᠰᠠ ᠨᠡᠶᠢᠭᠡᠮ ᠤᠨ ᠲᠡᠳᠡᠨ ᠤ ᠰᠢᠷᠭᠠᠭᠤ ᠬᠠᠲᠠᠭᠤᠵᠢᠯᠲᠠᠶ ᠴᠢᠷᠮᠠᠶᠢᠯᠭ᠎ᠠ ᠶᠢ ᠠᠩᠬᠠᠷᠤᠨ ᠬᠦᠨᠳᠦᠳᠬᠡᠬᠦ ᠶᠢ ᠤᠷᠢᠶᠠᠯᠠᠪᠠ᠃ ᠠᠳᠡ᠂ ᠪᠢᠳᠡ ᠥᠷᠭᠡᠨ ᠣᠯᠠᠨ ᠰᠠᠭᠤᠭᠠᠯᠢ ᠠᠷᠠᠳ ᠰᠠᠶᠢᠨ ᠰᠠᠶᠢᠬᠠᠨ ᠣᠷᠴᠢᠨ ᠲᠣᠭᠤᠷᠢᠨ ᠢ ᠬᠠᠮᠠᠭᠠᠯᠠᠬᠤ ᠤᠬᠠᠮᠰᠠᠷ ᠪᠠ ᠪᠣᠯᠪᠠᠰᠤᠨ ᠵᠠᠩ ᠳᠠᠳᠬᠠᠯ ᠲᠠᠢ ᠪᠣᠯᠵᠤ᠂ ᠬᠤᠲᠠ ᠶᠢᠨ ᠴᠡᠪᠡᠷ ᠲᠡᠭᠰᠢ ᠣᠷᠴᠢᠨ ᠲᠣᠭᠤᠷᠢᠨ ᠢ ᠬᠠᠮᠲᠤᠪᠠᠷ ᠰᠠᠬᠢᠨ ᠬᠠᠮᠠᠭᠠᠯᠠᠬᠤ ᠶᠢ ᠤᠷᠢᠶᠠᠯᠠᠪᠠ᠃         ᠢᠷᠡᠯᠲᠡ᠄ ︽ᠠᠮᠢᠵᠢᠷᠠᠯ ᠪᠢᠯᠬᠠᠭᠰᠠᠨ ᠢᠦᠢ ᠴᠢᠤᠸᠠᠨ︾ ᠸᠢᠴᠠᠲ ᠤᠨ ᠨᠡᠶᠢᠲᠡ ᠶᠢᠨ ᠳ᠋ᠤᠭᠠᠷ
 
ᠢᠷᠡᠯᠲᠡ᠄ ᠢᠦᠢ ᠴᠢᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号