ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠢᠶᠠᠨ ᠳᠤᠷᠠᠰᠤᠨ ᠰᠠᠨᠠᠭᠠᠯᠵᠠᠵᠤ᠂ ᠬᠤᠪᠢᠰᠬᠠᠯ ᠤᠨ | ᠤᠳᠤᠮᠰᠢᠯ ᠢ ᠤᠯᠠᠮᠵᠢᠯᠠᠨ ᠵᠠᠯᠭᠠᠮᠵᠢᠯᠠᠨ᠎ᠠ᠃ ᠬᠠᠩᠰᠢ ᠶᠢᠨ ᠡᠳᠦᠷ ᠬᠦᠷᠴᠦ ᠢᠷᠡᠬᠦ ᠲᠠᠰᠢᠷᠠᠮ ᠢᠶᠠᠷ᠂ ᠴᠡᠷᠢᠭ ᠢᠶᠠᠨ | ᠬᠦᠷᠢᠶᠡᠯᠡᠨ ᠭᠡᠷ ᠪᠦᠯᠢ ᠶᠢ ᠨᠢ ᠬᠠᠷᠠᠭᠠᠯᠵᠠᠬᠤ ᠢᠷᠠᠭᠤ ᠠᠯᠳᠠᠷᠲᠤ ᠤᠯᠠᠮᠵᠢᠯᠠᠯ ᠢᠶᠠᠨ ᠪᠠᠳᠠᠷᠠᠭᠤᠯᠬᠤ ᠶᠢᠨ ᠲᠥᠯᠥᠭᠡ᠂ | ᠢᠦᠢ ᠴᠢᠤᠸᠠᠨ ᠲᠣᠭᠤᠷᠢᠭ ᠤᠨ ᠬᠤᠶᠠᠷ ᠢ ᠬᠦᠷᠢᠶᠡᠯᠡᠬᠦ ᠠᠯᠪᠠᠨ ᠭᠡᠷ ᠲᠣᠭᠤᠷᠢᠭ ᠤᠨ ᠴᠡᠷᠢᠭ ᠤᠨ ᠠᠯᠪᠠ ᠠᠴᠠ | ᠬᠠᠯᠠᠭᠳᠠᠭᠰᠠᠳ ᠤᠨ ᠬᠡᠷᠡᠭ ᠶᠠᠪᠤᠳᠠᠯ ᠤᠨ ᠲᠤᠪᠴᠢᠶ᠎ᠠ ᠲᠠᠢ ᠬᠠᠮᠲᠤᠷᠠᠨ ᠪᠦᠬᠦ ᠲᠤᠭᠤᠷᠢᠭ ᠤᠨ ᠬᠤᠶᠠᠷ ᠢ ᠬᠦᠷᠢᠶᠡᠯᠡᠬᠦ | ᠪᠦᠷᠢᠯᠳᠦᠬᠦᠨ ᠨᠢᠭᠡᠴᠢ ᠪᠣᠯᠤᠨ ᠡᠯ᠎ᠡ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠴᠡᠷᠢᠭ ᠤᠨ ᠠᠯᠪᠠ ᠠᠴᠠ | ᠬᠠᠯᠠᠭᠳᠠᠭᠰᠠᠳ ᠤᠨ ᠦᠢᠯᠡᠴᠢᠯᠡᠭᠡᠨ ᠤ ᠦᠷᠳᠡᠭᠡ ᠶᠢᠨ ᠺᠠᠳ᠋ᠷ ᠪᠣᠯᠤᠨ ᠴᠡᠷᠢᠭ ᠤᠨ ᠠᠯᠪᠠ ᠠᠴᠠ ᠬᠠᠯᠠᠭᠳᠠᠭᠰᠠᠳ ᠤᠨ | ᠲᠥᠯᠥᠭᠡᠯᠡᠭᠴᠢ ᠶᠢ ᠵᠣᠬᠢᠶᠠᠨ ᠪᠠᠶᠢᠭᠤᠯᠵᠤ ᠬᠥᠬᠡᠬᠤᠲᠠ ᠴᠡᠴᠡᠷᠯᠢᠭ ᠤᠨ ᠠᠷᠠᠳ ᠤᠨ ᠪᠠᠭᠠᠲᠤᠷᠴᠤᠳ ᠤᠨ | ᠳᠤᠷᠠᠰᠬᠠᠯ ᠤᠨ ᠬᠥᠰᠢᠶ᠎ᠡ ᠶᠢᠨ ᠡᠮᠦᠨ᠎ᠡ ᠦᠷᠡᠭᠳᠡᠭᠰᠡᠨ ᠪᠠᠭᠠᠲᠤᠷᠴᠤᠳ ᠢᠶᠠᠨ ᠲᠠᠬᠢᠬᠤ ᠲᠥᠪ ᠬᠢᠴᠢᠶᠡᠩᠭᠦᠢ | ᠲᠠᠬᠢᠯᠭ᠎ᠠ ᠶᠢᠨ ᠠᠵᠢᠯᠯᠠᠭ᠎ᠠ ᠥᠷᠨᠢᠭᠦᠯᠵᠦ᠂ ᠤᠯᠤᠰ᠂ ᠠᠷᠠᠳ ᠲᠦᠮᠡᠨ ᠤ ᠲᠥᠯᠥᠭᠡ ᠦᠷᠡᠭᠳᠡᠭᠰᠡᠨ | ᠪᠠᠭᠠᠲᠤᠷᠴᠤᠳ ᠲᠠᠭᠠᠨ ᠬᠠᠮᠤᠭ ᠤᠨ ᠡᠷᠬᠢᠮ ᠳᠡᠭᠡᠳᠦ ᠬᠦᠨᠳᠦᠳᠬᠡᠯ ᠢᠶᠠᠨ ᠳᠡᠪᠰᠢᠭᠦᠯᠵᠡᠢ᠃ | | | | | ᠦᠳᠡ ᠶᠢᠨ ᠡᠮᠦᠨ᠎ᠡ᠂ ᠨᠡᠷᠡᠨ ᠤ ᠭᠡᠷᠡᠯ ᠳᠤᠷᠠᠰᠬᠠᠯ ᠤᠨ ᠬᠥᠰᠢᠶ᠎ᠡ ᠳᠡᠭᠡᠷ᠎ᠡ ᠲᠤᠰᠴᠤ᠂ ᠠᠵᠢᠯᠯᠠᠭ᠎ᠠ ᠳᠤ | ᠣᠷᠣᠯᠴᠠᠭᠰᠠᠨ ᠪᠦᠬᠦ ᠺᠠᠳ᠋ᠷ᠂ ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠲᠥᠯᠥᠭᠡᠯᠡᠭᠴᠢᠳ ᠠᠳᠡ ᠴᠤᠭᠯᠠᠷᠠᠵᠤ᠂ | ᠪᠢᠰᠢᠷᠡᠨ ᠬᠦᠨᠳᠦᠳᠬᠡᠬᠦ ᠪᠠ ᠭᠠᠰᠢᠭᠤᠳᠠᠬᠤ ᠪᠤᠳᠤᠯ ᠢ ᠡᠪᠦᠷᠯᠡᠨ᠂ ᠡᠮᠬᠢ ᠳᠢᠭᠯᠢᠮ ᠲᠠᠢ ᠮᠥᠷᠯᠡᠨ ᠵᠣᠭᠰᠣᠵᠤ | ᠪᠠᠶᠢᠯ᠎ᠠ᠃ | ᠠᠵᠢᠯᠯᠠᠭ᠎ᠠ ᠨᠢ ᠰᠦᠷ ᠵᠢᠪᠬᠤᠯᠠᠩᠲᠤ ᠤᠯᠤᠰ ᠤᠨ ᠰᠦᠯᠳᠡ ᠳᠠᠭᠤᠤ ᠶᠢᠨ ᠠᠶᠠᠰ ᠳᠤᠮᠳᠠ ᠬᠥᠰᠢᠭᠡ ᠪᠠᠨ | ᠰᠡᠬᠦᠵᠦ᠂ ᠪᠦᠬᠦ ᠬᠥᠮᠦᠰ ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠬᠦᠰᠢᠶ᠎ᠡ ᠳᠤ ᠲᠥᠪ ᠬᠢᠴᠢᠶᠡᠩᠭᠦᠢ | ᠬᠠᠨᠳᠤᠵᠤ᠂ ᠬᠠᠷᠠᠴᠠ ᠨᠢ ᠪᠠᠲᠤ ᠴᠢᠩᠭ᠎ᠠ ᠪᠥᠭᠡᠳ ᠭᠠᠯ ᠬᠠᠯᠠᠭᠤᠨ ᠪᠠᠶᠢᠵᠤ᠂ ᠤᠯᠤᠰ ᠤᠨ ᠰᠦᠯᠳᠡ ᠳᠠᠭᠤᠤ ᠶᠢᠨ | ᠬᠠᠩᠭᠢᠨᠠᠮ᠎ᠠ ᠬᠦᠭ ᠠᠶᠠᠰ ᠣᠭᠲᠠᠷᠭᠤᠢ ᠳᠤ ᠴᠤᠤᠷᠢᠶᠠᠲᠤᠵᠤ᠂ ᠬᠥᠮᠦᠰ ᠤᠨ ᠲᠡᠷᠡᠬᠦ ᠲᠠᠶᠢᠨ ᠤ ᠭᠠᠯ ᠳᠦᠷᠡᠯᠵᠡᠭᠰᠡᠨ | ᠣᠨ ᠰᠠᠷ᠎ᠠ ᠶᠢᠨ ᠲᠤᠬᠠᠢ ᠳᠤᠷᠠᠰᠤᠮᠵᠢ ᠶᠢ ᠰᠡᠷᠭᠦᠭᠡᠪᠡ᠃ | | | | | | ᠠᠵᠢᠯᠯᠠᠭ᠎ᠠ ᠳᠤ ᠣᠷᠣᠯᠴᠠᠭᠰᠠᠨ ᠺᠠᠳ᠋ᠷᠴᠤᠳ ᠤᠨ ᠲᠥᠯᠥᠭᠡᠯᠡᠭᠴᠢᠳ ᠬᠦᠨᠳᠦᠳᠬᠡᠯ ᠢᠶᠠᠨ ᠢᠯᠡᠳᠬᠡᠭᠰᠡᠨ | ᠴᠡᠴᠡᠭᠲᠦ ᠰᠠᠭᠰᠤ ᠪᠠᠨ ᠳᠤᠷᠠᠰᠬᠠᠯ ᠤᠨ ᠬᠥᠰᠢᠶ᠎ᠡ ᠶᠢᠨ ᠡᠮᠦᠨ᠎ᠡ ᠲᠠᠯᠪᠢᠵᠤ᠂ ᠬᠦᠨᠳᠦᠳᠬᠡᠨ ᠪᠢᠰᠢᠷᠡᠵᠦ ᠪᠠᠶᠢᠭ᠎ᠠ | ᠰᠡᠳᠭᠢᠯᠭᠡ ᠪᠠᠷ ᠴᠡᠴᠡᠭᠲᠦ ᠰᠠᠭᠰᠤ ᠶᠢᠨ ᠲᠣᠷᠭᠠᠨ ᠪᠦᠰᠡ ᠶᠢ ᠰᠠᠶᠢᠲᠤᠷ ᠡᠮᠬᠢᠯᠡᠬᠦ ᠶᠢᠨ ᠬᠠᠮᠲᠤ ᠦᠭᠡ ᠬᠡᠯᠡᠵᠦ᠂ | ᠪᠢᠳᠡᠨ ᠢ ᠲᠡᠦᠬᠡ ᠪᠠᠨ ᠪᠠᠲᠤ ᠴᠡᠭᠡᠵᠢᠯᠡᠵᠦ᠂ ᠦᠷᠡᠭᠳᠡᠭᠰᠡᠨ ᠪᠠᠭᠠᠲᠤᠷᠴᠤᠳ ᠢᠶᠠᠨ ᠳᠤᠷᠠᠰᠤᠨ ᠰᠠᠨᠠᠭᠠᠯᠵᠠᠵᠤ᠂ | ᠴᠡᠷᠢᠭ ᠤᠨ ᠭᠡᠷ ᠪᠦᠯᠢ ᠦᠷᠡᠭᠳᠡᠭᠰᠡᠨ ᠪᠠᠭᠠᠲᠤᠷᠴᠤᠳ ᠤᠨ ᠭᠡᠷ ᠪᠦᠯᠢ ᠶᠢᠨ ᠬᠢᠨ ᠢ ᠬᠠᠯᠠᠮᠵᠢᠯᠠᠨ ᠬᠠᠶᠢᠷᠠᠯᠠᠬᠤ ᠶᠢ | ᠰᠠᠨᠠᠭᠠᠴᠢᠯᠠᠵᠤ᠂ ᠤᠯᠠᠨ ᠢ ᠦᠷᠡᠭᠳᠡᠭᠰᠡᠨ ᠪᠠᠭᠠᠲᠤᠷᠴᠤᠳ ᠢᠶᠠᠷ ᠳᠠᠭᠤᠷᠢᠶᠠᠯ ᠪᠣᠯᠭᠠᠵᠤ᠂ ᠰᠢᠨ᠎ᠡ ᠴᠠᠭ ᠦᠶ᠎ᠡ ᠳᠤ | ᠬᠦᠴᠦᠯᠡᠨ ᠴᠢᠷᠮᠠᠶᠢᠵᠤ᠂ ᠤᠯᠤᠰ ᠢᠶᠠᠨ ᠬᠦᠴᠦᠷᠬᠡᠭᠵᠢᠭᠦᠯᠵᠦ ᠴᠡᠷᠢᠭ ᠢᠶᠠᠨ ᠬᠦᠴᠦᠷᠬᠡᠭᠵᠢᠭᠦᠯᠬᠦ ᠦᠢᠯᠡᠰ ᠲᠤ | ᠬᠦᠴᠦᠨ ᠴᠢᠳᠠᠯ ᠢᠶᠠᠨ ᠡᠷᠭᠦᠬᠦ ᠶᠢ ᠤᠷᠢᠶᠠᠯᠠᠪᠠ᠃ | ᠲᠠᠬᠢᠯᠭ᠎ᠠ ᠶᠢᠨ ᠶᠣᠰᠣᠯᠠᠯ ᠳᠠᠭᠤᠰᠤᠭᠰᠠᠨ ᠤ ᠳᠠᠷᠠᠭ᠎ᠠ᠂ ᠣᠷᠣᠯᠴᠠᠭᠰᠠᠳ ᠰᠢᠨ᠎ᠡ ᠰᠣᠷᠭᠤᠭ ᠴᠡᠴᠡᠭ ᠪᠠᠷᠢᠵᠤ᠂ | ᠠᠷᠠᠳ ᠤᠨ ᠪᠠᠭᠠᠲᠤᠷᠴᠤᠳ ᠤᠨ ᠳᠤᠷᠠᠰᠬᠠᠯ ᠤᠨ ᠬᠦᠰᠢᠶ᠎ᠡ ᠶᠢᠨ ᠡᠮᠦᠨ᠎ᠡ ᠡᠮᠬᠢ ᠵᠢᠷᠤᠮ ᠲᠠᠢ ᠪᠠᠷ ᠬᠦᠷᠴᠦ᠂ | ᠪᠡᠶ᠎ᠡ ᠪᠠᠷ ᠢᠶᠠᠨ ᠮᠡᠬᠦ᠋ᠢᠨ ᠶᠣᠰᠣᠯᠠᠵᠤ᠂ ᠰᠣᠷᠭᠤᠭ ᠴᠡᠴᠡᠭ ᠢ ᠬᠥᠩᠭᠡᠬᠡᠨ ᠲᠠᠯᠪᠢᠵᠤ᠂ ᠬᠠᠮᠤᠭ ᠤᠨ ᠤᠯᠠᠮᠵᠢᠯᠠᠯ᠂ | ᠬᠠᠮᠤᠭ ᠤᠨ ᠴᠢᠩ ᠦᠨᠡᠨᠴᠢ ᠬᠡᠯᠪᠡᠷᠢ ᠪᠠᠷ ᠦᠷᠡᠭᠳᠡᠭᠰᠡᠨ ᠪᠠᠭᠠᠲᠤᠷ ᠨᠢᠭᠡᠪᠦᠷᠢ ᠶᠢ ᠳᠤᠷᠠᠰᠤᠨ ᠰᠠᠨᠠᠭᠠᠯᠵᠠᠵᠤ ᠪᠠᠶᠢᠭ᠎ᠠ | ᠰᠡᠳᠬᠢᠯᠭᠡ ᠪᠠᠨ ᠢᠯᠡᠳᠬᠡᠵᠡᠢ᠃ | ᠡᠨᠡ ᠤᠳᠠᠭᠠᠨ ᠤ ᠬᠠᠩᠰᠢ ᠶᠢᠨ ᠡᠳᠦᠷ ᠦᠷᠡᠭᠳᠡᠭᠰᠡᠨ ᠪᠠᠭᠠᠲᠤᠷᠴᠤᠳ ᠢᠶᠠᠨ ᠳᠠᠬᠢᠬᠤ ᠠᠵᠢᠯᠯᠠᠭ᠎ᠠ ᠨᠢ | ᠦᠷᠡᠭᠳᠡᠭᠰᠡᠨ ᠪᠠᠭᠠᠲᠤᠷᠴᠤᠳ ᠢᠶᠠᠨ ᠲᠥᠪ ᠬᠢᠴᠢᠶᠡᠩᠭᠦᠢ ᠪᠠᠷ ᠳᠤᠷᠠᠰᠬᠠᠬᠤ ᠠᠵᠢᠯᠯᠠᠭ᠎ᠠ ᠪᠣᠯᠬᠤ ᠪᠠᠷ ᠪᠠᠷᠠᠬᠤ ᠦᠭᠡᠢ᠂ | ᠨᠡᠩ ᠴᠤ ᠡᠬᠡ ᠣᠷᠣᠨᠴᠢ ᠦᠵᠡᠯ ᠤᠨ ᠰᠤᠷᠭᠠᠨ ᠬᠦᠮᠦᠵᠢᠯ ᠤᠨ ᠬᠢᠴᠢᠶᠡᠯ ᠪᠣᠯᠤᠨ᠎ᠠ᠃ ᠢᠦᠶ ᠴᠢᠤᠸᠠᠨ | ᠲᠣᠭᠤᠷᠢᠭ ᠤᠨ ᠬᠤᠶᠠᠷ ᠢ ᠬᠦᠷᠢᠶᠡᠯᠡᠬᠦ ᠠᠯᠪᠠᠨ ᠬᠡᠷ᠂ ᠲᠣᠭᠤᠷᠢᠭ ᠤᠨ ᠴᠡᠷᠢᠭ ᠤᠨ ᠠᠯᠪᠠ ᠠᠴᠠ | ᠬᠠᠯᠠᠭᠳᠠᠭᠰᠠᠳ ᠤᠨ ᠬᠡᠷᠡᠭ ᠶᠠᠪᠤᠳᠠᠯ ᠤᠨ ᠲᠣᠪᠴᠢᠶ᠎ᠠ ᠲᠣᠰ ᠤᠳᠠᠭᠠᠨ ᠤ ᠠᠵᠢᠯᠯᠠᠭ᠎ᠠ ᠪᠠᠷ ᠠᠵᠠ ᠲᠣᠬᠢᠶᠠᠯ | ᠪᠣᠯᠭᠠᠵᠤ᠂ ᠬᠦᠴᠦᠨ ᠢᠶᠠᠨ ᠤᠯᠠᠮ ᠨᠢᠭᠡ ᠠᠯᠬᠤᠮ ᠨᠢᠭᠲᠠᠷᠠᠭᠤᠯᠵᠤ᠂ ᠬᠤᠶᠠᠷ ᠢ ᠬᠦᠷᠢᠶᠡᠯᠡᠬᠦ ᠪᠠ ᠴᠡᠷᠢᠭ ᠤᠨ | ᠠᠯᠪᠠ ᠠᠴᠠ ᠬᠠᠯᠠᠭᠳᠠᠭᠰᠠᠳ ᠤᠨ ᠶᠠᠪᠤᠳᠠᠯ ᠤᠨ ᠡᠯ᠎ᠡ ᠵᠦᠢᠯ ᠤᠨ ᠠᠵᠢᠯ ᠢ ᠦᠷᠭᠦᠯᠵᠢᠯᠡᠨ ᠰᠠᠶᠢᠲᠤᠷ ᠬᠢᠵᠦ᠂ | ᠦᠷᠡᠭᠳᠡᠭᠰᠡᠨ ᠪᠠᠭᠠᠲᠤᠷᠴᠤᠳ ᠤᠨ ᠵᠣᠷᠢᠭ ᠰᠠᠨᠠᠭ᠎ᠠ ᠪᠠᠷ ᠡᠷᠡᠯᠬᠡᠭᠯᠡᠨ ᠤᠷᠤᠭᠰᠢᠯᠠᠬᠤ ᠵᠠᠮ ᠢ ᠭᠡᠷᠡᠯᠲᠦᠭᠦᠯᠵᠦ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠪᠠᠷ ᠭᠤᠤᠯ ᠰᠢᠵᠢᠮ | ᠪᠣᠯᠭᠠᠵᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠠᠤᠭ᠎ᠠ ᠶᠡᠭᠡ | ᠬᠦᠴᠦᠨ ᠢ ᠨᠢᠭᠲᠠᠷᠠᠭᠤᠯᠪᠠ᠃ | | | | | ᠢᠷᠡᠯᠲᠡ᠄ ︽ᠠᠮᠢᠵᠢᠷᠠᠯ ᠪᠢᠯᠬᠠᠭᠰᠠᠨ ᠢᠦᠢ ᠴᠢᠤᠸᠠᠨ︾ ᠸᠢᠴᠠᠲ ᠤᠨ ᠨᠡᠶᠢᠲᠡ ᠶᠢᠨ ᠳ᠋ᠤᠭᠠᠷ |